Title |
ᠮᠠᠲ᠋ᠸᠷᠶᠠᠯ ᠤᠨ ᠬᠦᠮᠦᠷᠭᠡ ᠳ᠋ᠤ ᠰᠠᠭᠤᠷᠢᠯᠠᠭᠰᠠᠨ ᠮᠣᠩᠭᠤᠯ ᠬᠡᠯᠡᠨ ᠤ 《 ᠰᠡᠳᠬᠢᠯ ᠤᠨ ᠦᠢᠯᠡ ᠦᠭᠡ》 ᠪᠠ《 ᠬᠠᠷᠢᠴᠠᠭ᠎ᠠ ᠦᠢᠯᠡ ᠦᠭᠡ》 ᠶᠢᠨ ᠬᠡᠷᠭᠭᠯᠡᠭᠡᠨ ᠤ ᠤᠳᠬ ᠠ ᠶᠢᠨ ᠪᠦᠷᠢᠳᠭᠡᠯ ᠰᠣᠳᠤᠯᠭᠠᠨ |
Creator |
ᠸᠠᠩ ᠰᠣᠳᠤᠨ; ᠡᠷᠳᠡᠨᠢᠴᠢᠯᠠᠭᠤ |
Keyword |
《ᠰᠡᠳᠬᠢᠯ ᠤᠨ ᠦᠢᠯᠡ ᠦᠭᠡ》;《ᠬᠠᠷᠢᠴᠠᠭ᠎ᠠ ᠦᠢᠯᠡ ᠦᠭᠡ》;ᠬᠡᠷᠡᠭᠯᠡᠭᠡᠨ ᠤ ᠤᠳᠬ ᠠ |
Abstract |
ᠤᠳᠤ ᠪᠤᠯᠳᠠᠯᠠᠬᠢᠪᠠᠢᠭᠠᠵᠢ ᠬᠡᠯᠡᠨ ᠤ ᠰᠢᠢᠳᠪᠦᠷᠢᠯᠡᠯᠲᠡ ᠳ᠋ᠤ ᠦᠢᠯᠡ ᠦᠭᠡ ᠶᠢᠨ ᠤᠳᠬ ᠠ ᠵᠢ ᠲᠦᠷᠦᠯᠵᠢᠬᠦᠯᠦᠨ ᠠᠩᠭᠢᠯᠠᠵᠤ᠂ ᠦᠢᠯᠡ ᠦᠭᠡ ᠶᠢᠨ ᠤᠳᠬ ᠠ ᠶᠢᠨ ᠦᠢᠯᠡᠳᠦᠯ ᠢ ᠰᠢᠨᠵᠢᠯᠡᠭᠰᠡᠨ ᠰᠣᠳᠤᠯᠭᠠᠨ ᠤ ᠠᠵᠢᠯ ᠤᠳ ᠨᠢ ᠶᠡᠷᠦᠩᠬᠡᠢ ᠳ᠋ᠤ ᠪᠠᠨ ᠦᠢᠯᠡ ᠦᠭᠡ ᠶᠢᠨ ᠦᠨᠳᠦᠰᠦᠨ ᠤᠳᠬ ᠠ ᠳ᠋ᠤ ᠰᠠᠭᠤᠷᠢᠯᠠᠵᠠᠢ᠃ ᠦᠢᠯᠡ ᠦᠭᠡ ᠶᠢᠨ ᠤᠳᠬ ᠠ ᠶᠢᠨ ᠠᠩᠬᠢᠯᠠᠯ ᠢ ᠨᠠᠷᠢᠰᠬᠠᠵᠤ᠂ ᠲᠡᠭᠦᠨ ᠤ ᠬᠡᠷᠡᠭᠯᠡᠭᠡᠨ ᠤ ᠤᠳᠬ ᠠ ᠵᠢ ᠰᠣᠳᠤᠯᠬᠤ ᠨᠢ ᠰᠤᠷᠠᠭ ᠵᠠᠩᠬᠢ ᠰᠢᠢᠳᠪᠦᠷᠢᠯᠡᠯᠲᠡ ᠳ᠋ᠤ ᠵᠤᠷᠢᠭᠤᠯᠤᠭᠰᠠᠨ ᠮᠣᠩᠭᠤᠯ ᠬᠡᠯᠡᠨ ᠤ ᠦᠢᠯᠡ ᠦᠭᠡ ᠶᠢᠨ ᠤᠳᠬ ᠠ ᠶᠢᠨ ᠰᠣᠳᠤᠯᠤᠯ ᠤᠨ ᠮᠠᠰᠢ ᠴᠢᠬᠤᠯᠠ ᠠᠵᠢᠯ ᠪᠤᠯᠵᠠᠢ᠃ ᠦᠭᠡ ᠨᠢ ᠤᠯᠠᠨ ᠤᠳᠬᠠᠲᠤ ᠰᠢᠨᠵᠢ ᠲᠠᠢ ᠪᠠᠢᠳᠠᠭ᠂ ᠲᠡᠷᠡ ᠨᠢ ᠪᠤᠳᠠᠲᠠᠢ ᠬᠡᠯᠡᠨ ᠤ ᠤᠷᠴᠢᠨ ᠳ᠋ᠤ ᠠᠳᠠᠯᠢ ᠪᠤᠰᠤ ᠤᠳᠬ ᠠ ᠪᠡᠷ ᠬᠡᠷᠡᠭᠯᠡᠭᠳᠡᠳᠡᠭ ᠪᠤᠯᠬᠤᠷ ᠦᠢᠯᠡ ᠦᠭᠡ ᠶᠢᠨ ᠤᠳᠬ ᠠ ᠵᠢ ᠨᠡᠩ ᠨᠠᠷᠢᠪᠴᠢᠯᠠᠨ ᠠᠩᠬᠢᠯᠡᠵᠦ᠂ ᠮᠠᠰᠢᠨ ᠳ᠋ᠤ ᠢᠯᠭᠠᠨ ᠲᠠᠨᠢᠭᠤᠯᠬᠤ ᠵᠢ ᠱᠠᠭᠠᠷᠳᠠᠳᠠᠭ᠃ ᠡᠨᠡ ᠰᠠᠭᠠᠷᠳᠠᠯᠭ᠎ᠠ ᠳ᠋ᠤ ᠴᠢᠭᠯᠡᠬᠦᠯᠵᠦ᠂ 《ᠰᠡᠳᠬᠢᠯ ᠤᠨ ᠦᠢᠯᠡ ᠦᠭᠡ》 ᠪᠠ《 ᠬᠠᠷᠢᠴᠠᠭ᠎ᠠ ᠦᠢᠯᠡ ᠦᠭᠡ》 ᠶᠢᠨ ᠬᠡᠷᠡᠭᠯᠡᠭᠡᠨ ᠤ ᠤᠳᠬ ᠠ ᠵᠢ ᠰᠣᠳᠤᠯᠬᠤ ᠨᠢ ᠬᠦᠮᠦᠰ ᠲᠤ ᠦᠢᠯᠡ ᠦᠭᠡ ᠶᠢᠨ ᠤᠳᠬ ᠠ ᠵᠢ ᠨᠡᠩ ᠪᠦᠷᠢᠨ ᠬᠦᠢᠴᠡᠳ ᠨᠠᠷᠢᠨ ᠨᠤᠨᠤᠪᠴᠢᠲᠠᠢ ᠤᠢᠯᠠᠭᠠᠭᠤᠯᠬᠤ ᠳ᠋ᠤ ᠠᠰᠢᠭᠲᠠᠢ ᠪᠠᠢᠳᠠᠭ᠃ |
Original Literature |
View Original Paper
|
出自 |
内蒙古社会科学(蒙文版)
2021年
第3期
|