Abstract |
20ᠳ᠋ᠤᠭᠠᠷ ᠵᠠᠭᠤᠨ ᠤ ᠲᠦᠴᠢᠭᠡᠳ ᠣᠨ ᠤ ᠦᠶ ᠠ ᠳ᠋ᠤ ᠠᠷᠤ ᠬᠠᠩᠭᠠᠢ ᠠᠢᠮᠠᠭ ᠡᠴᠡ ᠮᠣᠩᠭᠤᠯ ᠤᠯᠤᠰ ᠤᠨᠨᠣᠮ ᠤᠨ ᠰᠠᠩ ᠳ᠋ᠤ ᠨᠢᠭᠡᠨᠪᠢᠴᠢᠮᠡᠯ 《 ᠭᠡᠰᠡᠷ ᠤᠨ ᠲᠤᠭᠤᠵᠢ》 ᠬᠦᠷᠭᠡᠵᠦ ᠢᠷᠡᠪᠡ᠃ ᠲᠡᠭᠦᠨ ᠤ ᠵᠠᠷᠢᠮ ᠡᠷᠳᠡᠮᠲᠡᠳ ᠲᠤᠰ ᠲᠡᠪᠲᠡᠷ ᠤᠨ ᠠᠷᠤ ᠳ᠋ᠤ ᠲᠠᠭᠠᠯᠳᠤᠭᠤᠯᠤᠭᠰᠠᠨ ᠵᠢᠵᠢᠭ ᠰᠣᠳᠤᠷ ᠲᠡᠬᠢ《 ᠨᠣᠮᠴᠢ ᠬᠠᠲᠤᠨ ᠲᠤᠷᠠᠳᠬᠠᠨ ᠤᠷᠴᠢᠭᠤᠯᠤᠭᠰᠠᠨ᠂᠂᠂᠂》 ᠭᠡᠳᠡᠭ ᠦᠭᠡ ᠵᠢ ᠪᠠᠷᠢᠮᠲᠠᠯᠠᠵᠤ 《 ᠨᠤᠮᠴᠢ ᠬᠠᠲᠤᠨ ᠤ ᠭᠡᠰᠡᠷ》 ᠭᠡᠵᠦ ᠨᠡᠷᠡᠯᠡᠪᠡ᠃ ᠡᠨᠡ ᠪᠤᠯ ᠶᠠᠮᠠᠷ ᠦᠨᠳᠦᠰᠦ ᠪᠠᠷᠢᠮᠲᠠ ᠦᠭᠡᠢ ᠨᠡᠷᠡᠢᠳᠦᠯ ᠪᠤᠯᠤᠨ᠎ᠠ᠃ ᠲᠡᠢᠮᠦ ᠡᠴᠡ ᠲᠡᠭᠦᠨ ᠢ ᠤᠯᠤᠵᠤ ᠢᠯᠡᠷᠡᠬᠦᠯᠦᠭᠰᠡᠨ ᠭᠠᠵᠠᠷ ᠪᠤᠶᠤ ᠲᠡᠮᠳᠡᠭᠯᠡᠵᠦ ᠴᠣᠭᠯᠠᠭᠤᠯᠤᠭᠰᠠᠨ ᠬᠦᠮᠦᠨ ᠢ ᠨᠢᠭᠡᠨᠲᠡ ᠲᠤᠳᠤᠯᠠᠵᠤ ᠲᠡᠢᠬᠦ ᠦᠭᠡᠢ ᠪᠤᠯᠤᠭᠰᠠᠨᠪᠠᠢᠳᠠᠯ ᠳ᠋ᠤ ᠬᠦᠷᠭᠡᠵᠦ ᠢᠷᠡᠭᠰᠡᠨ ᠭᠠᠵᠠᠷ ᠤᠷᠤᠨ ᠤ ᠨᠡᠷ ᠠ ᠪᠡᠷ 《 ᠠᠷᠤ ᠬᠠᠩᠭᠠᠢ ᠭᠡᠰᠡᠷ ᠤᠨ ᠲᠤᠭᠤᠵᠢ》 ᠭᠡᠵᠦ ᠨᠡᠷᠡᠯᠡᠪᠡᠯ ᠵᠤᠬᠢᠨ᠎ᠠ᠃《 ᠠᠷᠤ ᠬᠠᠩᠭ᠎ᠠ ᠭᠡᠰᠡᠷ》 ᠤᠨᠪᠢᠴᠢᠭᠳᠡᠭᠰᠡᠨ ᠣᠨ ᠴᠠᠭ ᠢᠨ ᠲᠡᠭᠦᠨ ᠤ ᠡᠴᠦᠰ ᠲᠤ ᠲᠡᠮᠳᠡᠭᠯᠡᠵᠦᠪᠠᠢᠭᠠ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠤᠨ(1716) ᠡᠴᠡ ᠬᠤᠢᠰᠢ《ᠤᠷᠲᠤᠰ ᠭᠡᠰᠡᠷ》 ᠤᠨ ᠬᠤᠶᠠᠳᠤᠭᠠᠷ ᠪᠦᠯᠦᠭ ᠤᠨ ᠡᠴᠦᠰ ᠲᠤ ᠲᠡᠮᠳᠡᠭᠯᠡᠵᠦ ᠪᠠᠢᠭ᠎ᠠ ᠲᠡᠭᠷᠢ ᠶᠢᠨ ᠲᠡᠳᠭᠦᠭᠰᠡᠨ ᠤ ᠠᠷᠪᠠᠨ ᠬᠤᠶᠠᠳᠤᠭᠠᠷ ᠤᠨ(1747) ᠤ ᠨᠠᠭᠠᠨ᠎ᠠ ᠴᠠᠭᠠᠨ᠎ᠠ᠂ ᠦᠭᠡᠷ ᠠ ᠪᠡᠷ ᠬᠡᠯᠡᠪᠡᠯ18ᠳ᠋ᠤᠭᠠᠷ ᠵᠠᠭᠤᠨ ᠤ ᠲᠤᠮᠳᠠᠳᠤ ᠦᠶ ᠠ ᠪᠤᠯᠤᠨ᠎ᠠ᠃ |