Paper Information


Title ᠲᠦᠷᠪᠡᠳ ᠬᠤᠰᠢᠭᠤᠨ ᠤ ᠮᠣᠩᠭᠤᠯᠴᠤᠳ ᠤᠨ ᠬᠡᠯᠡᠨ ᠤ ᠴᠢᠳᠠᠪᠤᠷᠢ
Creator ᠤᠷᠠᠩᠭᠤᠤ ᠠ
Keyword ᠲᠦᠷᠪᠡᠳ ᠬᠤᠰᠢᠭᠤ; ᠬᠡᠯᠡᠨ ᠤ ᠴᠢᠳᠠᠪᠤᠷᠢ
Abstract ᠬᠠᠷᠠᠮᠦ᠋ᠷᠡᠨ ᠮᠤᠵᠢ ᠶᠢᠨ ᠲᠦᠷᠪᠡᠳ ᠮᠣᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠳ᠋ᠤ ᠬᠢᠲᠠᠳ ᠦᠨᠳᠦᠰᠦᠲᠡᠨ ᠤᠯᠠᠩᠬᠢ ᠲᠤᠭ᠎ᠠ ᠵᠢ ᠡᠵᠡᠯᠡᠵᠦ᠃ ᠮᠣᠩᠭᠤᠯ ᠦᠨᠳᠦᠰᠦᠲᠡᠨ ᠬᠠᠷᠢᠴᠠᠩᠭᠤᠢ ᠴᠦᠭᠡᠨ ᠪᠦᠭᠡᠳ ᠤᠯᠠᠩᠬᠢ ᠮᠣᠩᠭᠤᠯᠴᠤᠳ ᠬᠢᠲᠠᠳ ᠮᠣᠩᠭᠤᠯ ᠬᠤᠯᠢᠯᠲᠤᠨ ᠰᠠᠭᠤᠷᠢᠰᠢᠭᠰᠠᠨ ᠡᠴᠡ ᠮᠣᠩᠭᠤᠯ ᠦᠭᠡ ᠬᠡᠯᠡ ᠪᠠᠨ ᠬᠡᠷᠡᠭᠯᠡᠬᠦ ᠬᠦᠮᠦᠨ ᠮᠡᠳᠡᠭᠳᠡᠬᠦᠢᠴᠡ ᠴᠦᠭᠡᠷᠡᠵᠦ ᠪᠠᠢᠭ᠎ᠠ ᠪᠤᠳᠠᠳᠤ ᠪᠠᠢᠳᠠᠯ ᠳ᠋ᠤ ᠦᠨᠳᠦᠰᠦᠯᠡᠨ᠂ ᠬᠦᠮᠦᠨ ᠤᠪᠡᠶ ᠠ ᠶᠢᠨ ᠡᠷᠭᠡᠲᠡᠨ᠂ ᠭᠡᠷ ᠤᠨ ᠲᠡᠵᠢᠭᠡᠪᠦᠷᠢ᠂ ᠠᠮᠢᠳᠤᠷᠠᠯ ᠤᠨ ᠡᠳᠡᠯᠯ ᠬᠡᠷᠡᠭᠰᠡᠯ᠂ ᠢᠳᠡᠭᠡᠨ ᠤᠮᠳᠠᠭᠠᠨ᠂ ᠵᠢᠮᠢᠰ ᠤᠷᠭᠤᠮᠠᠯ ᠦᠢᠯᠡ ᠬᠦᠳᠡᠯᠦᠯ ᠳ᠋ᠤ ᠬᠤᠯᠪᠤᠭᠳᠠᠭᠰᠠᠨ ᠪᠠ ᠪᠠᠢᠭᠠᠯᠢ ᠴᠠᠭ ᠠᠭᠤᠷ ᠲᠤ ᠬᠤᠯᠪᠤᠭᠳᠠᠭᠰᠠᠨᠦᠨᠳᠦᠰᠦᠨ ᠦᠭᠡᠰ ᠤᠨ ᠰᠠᠩ ᠡᠴᠡ 400ᠦᠭᠡᠰ ᠢ ᠰᠤᠩᠭᠤᠭᠠᠳ᠂ ᠲᠡᠳᠡᠨᠤᠰ ᠤᠨ ᠮᠣᠩᠭᠤᠯ ᠬᠡᠯᠡ ᠭᠡᠷᠡᠭᠯᠡᠭᠡᠨ ᠤ ᠬᠢᠷᠢ ᠲᠦᠪᠰᠢᠨ ᠤ ᠪᠠᠢᠳᠠᠯ ᠢ ᠪᠠᠢᠴᠠᠭᠠᠪᠠ᠃ ᠪᠠᠢᠴᠠᠭᠠᠯᠲᠠ ᠬᠢᠬᠦ ᠳ᠋ᠡᠭᠡᠨ᠂ ᠭᠤᠤᠯᠳᠠᠭᠤ ᠪᠠᠢᠴᠠᠭᠠᠭᠰᠠᠳ ᠤᠨ ᠤᠷᠤᠰᠢᠨ ᠠᠮᠢᠳᠤᠷᠠᠵᠤ ᠪᠦᠬᠦᠢᠠᠢᠯ ᠲᠤᠰᠬᠤᠨ ᠤ ᠬᠦᠮᠦᠨ ᠠᠮᠠ ᠶᠢᠨ ᠪᠦᠲᠦᠴᠡ ᠵᠢ ᠲᠤᠳᠤᠷᠬᠠᠢᠯᠠᠭᠠᠳ᠂ ᠰᠢᠯᠭᠠᠨ ᠪᠠᠢᠴᠠᠭᠠᠬᠤ ᠲᠤᠮᠳᠠ᠂ ᠪᠠᠢᠴᠠᠭᠠᠭᠳᠠᠬᠤ ᠡᠳᠡᠭᠡᠳ ᠤᠨ ᠦᠭᠡ ᠨᠢᠭᠡᠪᠦᠷᠢ ᠵᠢ ᠡᠵᠡᠮᠰᠢᠵᠦ ᠪᠠᠢᠬᠤ ᠬᠡᠮᠵᠢᠶ ᠠ᠂ ᠶᠠᠷᠢᠵᠤ ᠴᠢᠳᠠᠬᠤ ᠪᠠ ᠰᠣᠨᠤᠰᠴᠤ ᠤᠢᠯᠠᠭᠠᠬᠤ ᠡᠰᠡᠬᠦ ᠳ᠋ᠤ ᠪᠠᠢᠴᠠᠭᠠᠯᠲᠠ ᠬᠢᠪᠡ᠃
Original Literature View Original Paper
出自 内蒙古民族大学学报(社会科学) 2020年 第1期

联系我们


内蒙古大学图书馆
呼和浩特市大学西路235号
中国·内蒙古
P: (0471) 4992561
E: huangfeilong@imu.edu.cn