Abstract |
ᠬᠢᠲᠠᠳ ᠤᠨ ᠰᠤᠩᠭᠤᠳᠠᠭ ᠷᠤᠮᠠᠨ ᠤ ᠨᠢᠭᠡ ᠪᠤᠯᠬᠤ《 ᠱᠦᠢ ᠬᠤ ᠵᠤᠸᠠᠨ》ᠪᠢᠴᠢᠭ ᠤᠨ ᠴᠢᠩ ᠤᠯᠤᠰ ᠤᠨ ᠦᠶ ᠡ ᠶᠢᠨ ᠮᠣᠩᠭᠤᠯ ᠤᠷᠴᠢᠭᠤᠯᠭ᠎ᠠ ᠵᠢ ᠰᠤᠷᠪᠤᠯᠵᠢ ᠪᠢᠴᠢᠭ ᠤᠨ ᠡᠭᠦᠳᠡᠨ ᠡᠴᠡ ᠭᠠᠷᠲᠠᠨ᠂ ᠮᠣᠩᠭᠤᠯ ᠤᠷᠤᠨ ᠳ᠋ᠤ ᠲᠠᠷᠬᠠᠭᠰᠠᠨ ᠡᠭᠡ ᠲᠡᠪᠲᠡᠷ ᠢ ᠰᠢᠨᠵᠢᠬᠦ ᠪᠤᠯ ᠨᠢᠭᠡ ᠴᠢᠬᠤᠯᠠ ᠰᠣᠳᠤᠯᠭᠠᠨ ᠤ ᠠᠰᠠᠭᠤᠳᠠᠯ ᠮᠦᠨ᠃ ᠦᠪᠷ ᠮᠣᠩᠭᠤᠯ ᠤᠨ ᠤᠯᠠᠭᠠᠨᠬᠠᠳᠠ ᠬᠤᠲᠠ ᠶᠢᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠳ᠋ᠤ ᠬᠠᠳᠠᠭᠠᠯᠠᠭᠳᠠᠵᠤ ᠪᠦᠬᠦᠢ ᠨᠢᠭᠡᠨ ᠬᠤᠪᠢ《ᠱᠦᠢ ᠬᠤ ᠵᠤᠸᠠᠨ》ᠪᠢᠴᠢᠭ ᠤᠨ ᠮᠣᠩᠭᠤᠯ ᠤᠷᠴᠢᠭᠤᠯᠭ᠎ᠠ ᠶᠢᠨ ᠬᠠᠭᠤᠴᠢᠨ ᠭᠠᠷ ᠪᠢᠴᠢᠮᠡᠯ ᠢ ᠬᠤᠯᠪᠤᠭᠳᠠᠯᠲᠤ ᠬᠢᠳᠠᠳ ᠪᠡᠷ ᠲᠡᠪᠲᠡᠷ ᠲᠠᠢ ᠬᠠᠷᠢᠴᠠᠭᠤᠯᠪᠠᠯ᠂ᠲᠡᠷᠡ ᠨᠢ《 ᠱᠦᠢ ᠬ ᠤᠵᠤᠸᠠᠨ》 ᠪᠢᠴᠢᠭ ᠤᠨ 120 ᠪᠦᠯᠦᠭᠲᠦ ᠲᠡᠪᠲᠡᠷ ᠢᠢᠡᠷ ᠡᠭᠡ ᠲᠡᠪᠲᠡᠷ ᠪᠤᠯᠭᠠᠵᠤ ᠤᠷᠢᠴᠭᠤᠯᠤᠭᠳᠠᠭᠰᠠᠨ ᠢ ᠮᠡᠳᠡᠵᠦ ᠪᠤᠯᠬᠤ ᠶᠣᠮ᠃ |