Paper Information


Title ᠵᠠᠩᠬᠢ ᠶᠢᠨ ᠮᠡᠷᠭᠡᠵᠢᠯ ᠤᠨ ᠰᠤᠷᠭᠠᠨ ᠬᠦᠮᠦᠵᠢᠯ ᠤᠨ ᠬᠦᠷᠢᠶᠡᠨ ᠳ᠋ᠤ ᠠᠪᠴᠢᠷᠠᠭᠰᠠᠨ ᠰᠢᠨᠡᠴᠢᠯᠠᠯᠲᠠ ᠵᠢ ᠦᠭᠦᠯᠡᠬᠦ ᠨᠢ
Creator ᠵᠠᠭᠤᠨᠨᠠᠰᠤᠲᠤ; ᠬᠤᠸᠠᠩ ᠰᠢᠶᠤᠤ ᠶᠢᠩ
Keyword ᠵᠠᠩᠬᠢ ᠶᠢᠨ ᠮᠡᠷᠭᠡᠵᠢᠯ; ᠰᠤᠷᠭᠠᠨ ᠬᠦᠮᠦᠵᠢᠯ; ᠰᠢᠨᠡᠴᠢᠯᠠᠯᠲᠠ
Abstract ᠵᠠᠩᠬᠢ ᠶᠢᠨ ᠮᠡᠭᠡᠵᠢᠯ ᠤᠨ ᠦᠷᠭᠡᠨ ᠲᠡᠯᠭᠡᠷ ᠬᠡᠷᠡᠭᠯᠡᠯᠲᠡ ᠨᠢ ᠬᠦᠮᠦᠰ ᠤᠨ ᠭᠤᠷᠪᠠᠨ ᠶᠡᠬᠡ ᠦᠨᠳᠦᠳᠦᠨ ᠴᠢᠳᠠᠪᠤᠷᠢ ᠳ᠋ᠤ ᠮᠠᠰᠢ ᠶᠡᠬᠡ ᠰᠢᠨᠡᠴᠢᠯᠠᠯᠲᠠ ᠬᠤᠪᠢᠷᠠᠯᠲᠠ ᠠᠪᠴᠢᠷᠠᠭᠰᠠᠨ ᠪᠠᠢᠨ᠎ᠠ᠃ ᠤᠩᠰᠢᠬᠤ ᠠᠷᠭ᠎ᠠ ᠪᠠᠷᠢᠯ ᠤᠨ ᠰᠢᠨᠡᠴᠢᠯᠠᠯᠲᠠ ᠨᠢ ᠲᠠᠩ ᠪᠢᠴᠢᠪᠦᠷᠢ ᠣᠩᠰᠢᠬᠤ ᠡᠴᠡ ᠭᠡᠲᠦ ᠪᠢᠴᠢᠪᠦᠷᠢ᠂ ᠴᠣᠯᠤ ᠪᠢᠴᠢᠭ ᠡᠴᠡ ᠤᠯᠨ ᠵᠠᠭᠤᠴᠢᠲᠤ ᠴᠣᠬᠢᠮ ᠬᠡᠯᠪᠡᠷᠢᠲᠦ ᠮᠡᠳᠡᠭᠡᠯᠡᠯ᠂ ᠴᠡᠬᠢᠮ ᠮᠠᠲ᠋ᠸᠧᠷᠢᠶᠠᠯ ᠰᠠᠩ ᠲᠠᠢ ᠶᠠᠷᠢᠯᠴᠠᠭ᠎ᠠ ᠬᠢᠬᠦ ᠮᠠᠶᠢᠭ ᠢᠢᠡᠷ ᠦᠨᠳᠦᠷ ᠠᠰᠢᠭᠯᠠᠮᠵᠢᠲᠤ ᠰᠢᠬᠦᠨ ᠡᠷᠢᠬᠦ ᠬᠡᠯᠪᠡᠷᠢᠲᠦ ᠣᠩᠰᠢᠯᠭ᠎ᠠ ᠭᠡᠬᠦ ᠮᠡᠲᠦ ᠢᠯᠡᠷᠡᠯ ᠲᠠᠢ᠃ ᠪᠢᠴᠢᠬᠦ ᠠᠷᠭ᠎ᠠ  ᠪᠠᠷᠢᠯ ᠤᠨ ᠰᠢᠨᠡᠴᠢᠯᠠᠯᠲᠠ ᠨᠢ ᠭᠠᠷ ᠢᠢᠡᠷ ᠪᠢᠴᠢᠬᠦ ᠡᠴ ᠡᠤᠯᠠᠨ ᠵᠠᠭᠤᠴᠢᠲᠤ ᠪᠢᠴᠢᠬᠦ ᠠᠷᠭ᠎ᠠ᠂ ᠭᠡᠲᠦ ᠪᠢᠴᠢᠪᠤᠷᠢ ᠪᠦᠲᠦᠴᠡᠲᠦ ᠰᠡᠳᠬᠢᠮᠵᠢ ᠵᠢᠴᠢ ᠨᠠᠢᠷᠠᠭᠤᠯᠬᠤ᠂ ᠴᠡᠬᠢᠮ ᠮᠠᠲ᠋ᠸᠷᠢᠶᠠᠯ ᠤᠨ ᠰᠠᠩ ᠲᠠᠢ ᠶᠠᠷᠢᠯᠴᠠᠭ᠎ᠠ ᠬᠢᠬᠦ ᠬᠡᠯᠪᠡᠷᠢᠲᠦ ᠣᠩᠰᠢᠯᠭ᠎ᠠ ᠵᠦᠭ ᠬᠦᠭᠵᠢᠭᠰᠡᠨ ᠪᠠᠢᠨ᠎ᠠ᠃ ᠪᠤᠳᠤᠨ ᠰᠢᠢᠳᠪᠦᠷᠢᠯᠡᠬᠦ ᠠᠷᠭ᠎ᠠ ᠪᠠᠷᠢᠯ ᠤᠨ ᠰᠢᠨᠡᠴᠢᠯᠠᠯᠲᠠ ᠳ᠋ᠤ ᠦᠨᠳᠦᠷ ᠠᠰᠢᠭᠯᠠᠮᠵᠢᠲᠦ ᠪᠤᠳᠤᠯᠭ᠎ᠠ᠂ ᠦᠰᠦᠭ ᠪᠢᠴᠢᠭ ᠤᠨ ᠳ᠋ᠢᠵᠢᠲ᠋ᠠᠯ ᠨᠢ ᠣᠩᠰᠢᠬᠤ᠂ ᠪᠢᠴᠢᠬᠦ᠂ ᠪᠤᠳᠤᠬᠦ ᠵᠢ ᠬᠠᠮᠲᠤᠷᠠᠯ ᠴᠣᠭᠴᠠ ᠪᠤᠯᠭᠤᠬᠤ᠂ ᠵᠠᠩᠾᠢ ᠶᠢᠨ ᠮᠡᠷᠭᠡᠵᠢᠯ ᠢᠢᠡᠷ ᠵᠠᠭᠪᠤᠷᠢᠯᠠᠬᠤ᠂ ᠲᠠᠭᠤᠷᠢᠶᠠᠬᠤ᠂ ᠲᠠᠭᠠᠮᠠᠭᠯᠠᠬᠤ ᠴᠢᠳᠠᠪᠤᠷᠢ ᠵᠡᠷᠭᠡ ᠪᠤᠳᠠᠳᠠᠢ ᠰᠢᠨᠡᠴᠢᠯᠠᠯ ᠢ ᠠᠪᠢᠷᠠᠭᠰᠠᠨ ᠶᠣᠮ᠃
Original Literature View Original Paper
出自 内蒙古师范大学学报 2020年 第1期

联系我们


内蒙古大学图书馆
呼和浩特市大学西路235号
中国·内蒙古
P: (0471) 4992561
E: huangfeilong@imu.edu.cn