Abstract |
ᠮᠣᠩᠭᠤᠯ ᠰᠣᠶᠣᠯ ᠤᠨ ᠪᠦᠷᠢᠯᠳᠦᠬᠦᠨ ᠳ᠋ᠤ ᠮᠤᠩᠭᠤᠯᠴᠤᠳ ᠤᠨ ᠡᠭᠦᠳᠦᠭᠰᠡᠨ ᠪᠤᠳᠠᠰ ᠤᠨ ᠡᠬᠢ ᠪᠠᠶᠠᠯᠢᠭ ᠬᠢᠭᠡᠳ ᠤᠷᠤᠨ ᠤ ᠡᠬᠢ ᠪᠠᠶᠠᠯᠢᠭ ᠴᠢᠬᠤᠯᠠ ᠪᠠᠢᠷᠢ ᠵᠢ ᠡᠵᠡᠯᠡᠨ᠎ᠠ᠃ᠤᠶᠤᠨ ᠤ ᠡᠬᠢ ᠪᠠᠶᠠᠯᠢᠭ ᠲᠤ ᠦᠵᠡᠯ ᠤᠬᠠᠮᠰᠠᠷ ᠨᠢ ᠨᠢᠭᠲᠠ ᠬᠤᠯᠪᠤᠭᠳᠠᠭᠰᠠᠨ ᠰᠦᠰᠦᠭ ᠪᠢᠰᠢᠷᠡᠯ ᠪᠤᠶᠤ ᠲᠠᠬᠢᠯᠭ᠎ᠠ ᠲᠠᠢᠯᠠᠯᠭᠠ ᠶᠢᠨ ᠰᠣᠶᠣᠯ ᠵᠦᠢ ᠶᠤᠰᠤᠭᠠᠷ ᠲᠤᠭᠠᠴᠠᠭᠳᠠᠨ᠎ᠠ᠃ᠮᠣᠩᠭᠤᠯᠴᠤᠳ ᠤᠨ ᠰᠦᠰᠦᠭ ᠪᠢᠰᠢᠷᠡᠯ᠂ ᠲᠠᠬᠢᠯᠭ᠎ᠠ ᠲᠠᠢᠯᠠᠯᠭᠠ ᠶᠢᠨ ᠰᠣᠶᠣᠯ ᠢ ᠭᠦᠭᠵᠢᠯ ᠬᠤᠪᠢᠰᠤᠯ ᠤᠨ ᠬᠢᠨᠢ ᠬᠤᠪᠢ ᠡᠴᠡ ᠶᠡᠬᠡᠪᠴᠢᠯᠠᠨ ᠬᠤᠶᠠᠷ ᠠᠩᠬᠢᠯᠠᠨ ᠦᠵᠡᠵᠦ ᠪᠤᠯᠤᠨ᠎ᠠ᠃ ᠨᠢᠭᠡ ᠨᠢ ᠢᠵᠠᠭᠤᠷ ᠰᠣᠶᠣᠯ ᠵᠢᠴᠢ ᠦᠭᠡ ᠮᠦᠷᠬᠦᠯ ᠤᠨ ᠰᠢᠰᠲ᠋ᠸᠮ ᠳ᠋ᠤ ᠬᠤᠯᠪᠤᠭᠳᠠᠨᠠᠠ᠃ ᠨᠢᠭᠦ ᠨᠢᠭᠡ ᠨᠢ ᠢᠵᠡᠭᠤᠷ ᠰᠣᠶᠣᠯ ᠤᠨ ᠬᠤᠷᠦᠰᠦᠨ ᠳ᠋ᠤ ᠨᠡᠪᠴᠢᠨ ᠲᠡᠭᠦᠨ ᠲᠠᠢ ᠠᠭᠤᠰᠤᠯᠴᠠᠭᠰᠠᠨ ᠠᠳᠠᠯ ᠠ ᠬᠠᠷᠢ ᠶᠢᠨ ᠰᠣᠶᠣᠯ ᠤᠨ ᠢᠮ ᠲᠡᠮᠳᠡᠭ᠂ ᠣᠨᠴᠠᠯᠢᠭ ᠰᠢᠨᠵᠢ ᠪᠠᠨ ᠢᠯᠡᠷᠭᠡᠢ ᠲᠤᠰᠬᠠᠭᠰᠠᠨ ᠪᠤᠷᠬᠠᠨ ᠱᠠᠰᠢᠨ ᠤ ᠰᠣᠶᠣᠯ ᠤᠨ ᠰᠢᠰᠲ᠋ᠸᠮ ᠪᠤᠯᠤᠨ᠎ᠠ᠃ ᠬᠠᠷᠢᠨ ᠮᠣᠩᠭᠤᠯ ᠰᠣᠶᠣᠯ ᠤᠨ ᠪᠦᠷᠢᠯᠳᠦᠬᠦᠨ ᠳ᠋ᠡᠬᠢᠢᠵᠠᠭᠤᠷ ᠰᠣᠶᠣᠯ ᠤᠨ ᠢᠮ ᠲᠡᠮᠳᠡᠭ ᠪᠠ ᠬᠠᠷᠢ ᠡᠴᠡ ᠤᠯᠠᠮᠵᠢᠠᠯᠯᠲᠤ ᠰᠣᠶᠣᠯ ᠤᠨ ᠢᠮ ᠲᠡᠮᠳᠡᠭ ᠢ ᠬᠠᠮᠲᠤ ᠳ᠋ᠤᠨᠢ ᠠᠪᠴᠤ ᠶᠠᠪᠤᠭ᠎ᠠ ᠵᠠᠷᠢᠮ ᠦᠵᠡᠭᠳᠡᠯ ᠳ᠋ᠤ ᠤᠪᠤᠭᠠᠨ ᠲᠠᠬᠢᠯᠭ᠎ᠠ᠂ ᠬᠡᠢ ᠮᠤᠷᠢ ᠶᠢᠨ ᠲᠠᠢᠯᠠᠭᠠ ᠨᠤᠭᠤᠳ ᠢ ᠪᠠᠭᠲᠠᠭᠠᠵᠤ ᠪᠤᠯᠤᠨ᠎ᠠ᠃ |