Title |
ᠰᠠᠢ᠌ᠢᠨᠪᠠᠶᠠᠷ ᠤᠨ ᠲᠤᠭᠤᠵᠢᠰ ᠲᠡᠬᠢ ᠪᠤᠳᠤᠯ ᠤᠨ ᠤᠷᠤᠰᠬᠠᠯ ᠤᠨ ᠦᠢᠯᠡᠳᠦᠯ ᠤᠨ ᠲᠤᠬᠠᠢ — 《 ᠮᠠᠩᠬᠠᠨ ᠤ ᠭᠦᠨ ᠳᠤ 》᠂ 《 ᠬᠢᠵᠢᠶᠡᠯᠢ ᠨᠠᠰᠤ 》 ᠪᠡᠷ ᠵᠢᠱᠢᠶᠡᠯᠡᠬᠦ ᠨᠢ |
Creator |
ᠤᠳᠪᠠᠯᠠ |
Keyword |
ᠰᠠᠢ᠌ᠨᠪᠠᠶᠠᠷ; ᠪᠤᠳᠤᠯ ᠤᠨ ᠤᠷᠤᠰᠬᠠᠯ; ᠦᠢᠯᠡᠳᠦᠯ |
Abstract |
ᠵᠤᠬᠢᠶᠠᠭᠴᠢ ᠰᠠᠢ᠌ᠨᠪᠠᠶᠠᠷ ᠪᠤᠯ ᠮᠤᠩᠭ᠋ᠤᠯ ᠲᠤᠭᠤᠵᠢᠰ ᠪᠦᠳᠦᠭᠡᠯᠭᠡ ᠳᠤ ᠪᠤᠳᠤᠯ ᠤᠨ ᠤᠷᠤᠰᠬᠠᠯ ᠤᠨ ᠠᠷᠭ᠎ᠠ ᠪᠠᠷᠢᠯ ᠢ ᠲᠤᠷᠰᠢᠨ ᠬᠡᠷᠡᠭᠯᠡᠭᠡᠳ ᠠᠮᠵᠢᠯᠳᠠ ᠤᠯᠤᠭᠰᠠᠨ ᠵᠤᠬᠢᠶᠠᠯᠴᠢ ᠶᠢᠨ ᠨᠢᠭᠡ ᠪᠤᠯᠤᠨ᠃ ᠲᠡᠷᠡ ᠪᠡᠷ ᠤᠳᠤᠬᠢᠴᠢ ᠪᠦᠯᠦᠭᠳᠡᠨ ᠤ ᠪᠤᠳᠤᠯ ᠤᠨ ᠤᠷᠤᠰᠬᠠᠯ ᠤᠨ ᠨᠦᠯᠦᠭᠡ ᠶᠢ ᠵᠤᠬᠢᠬᠤ ᠬᠡᠮᠵᠢᠶ᠎ᠡ ᠪᠡᠷ ᠬᠦᠷᠳᠡᠨ᠂ ᠦᠪᠡᠷ ᠤᠨ ᠦᠨᠳᠦᠰᠦᠳᠡᠨ ᠤ ᠪᠠᠨ ᠤᠯᠠᠮᠵᠢᠯᠠᠯᠳᠤ ᠵᠤᠬᠢᠶᠠᠨ ᠪᠦᠳᠦᠭᠡᠬᠦ ᠠᠷᠭ᠎ᠠ ᠲᠠᠢ ᠪᠠᠨ ᠨᠢᠭ᠍᠌ᠳᠠ ᠤᠶᠠᠯᠳᠤᠭᠤᠯᠤᠨ ᠮᠠᠰᠢ ᠠᠮᠵᠢᠯᠳᠠ ᠲᠠᠢ ᠵᠤᠬᠢᠶᠠᠨ ᠪᠦᠳᠦᠭᠡᠵᠦ ᠪᠠᠢ᠌ᠪᠠ᠃ ᠲᠤᠰ ᠦᠭᠦᠯᠡᠯ ᠳᠤ ᠵᠤᠬᠢᠶᠠᠯᠴᠢ ᠰᠠᠢ᠌ᠨᠪᠠᠶᠠᠷ ᠤᠨ 《 ᠮᠠᠩᠬᠠᠨ ᠭᠦᠨ ᠳᠤ》᠂ 《 ᠬᠢᠵᠢᠶᠡᠯᠢ ᠨᠠᠰᠤ 》 ᠭᠡᠬᠦ ᠬᠤᠶᠠᠷ ᠲᠤᠭᠤᠵᠢ ᠪᠡᠷ ᠵᠢᠱᠢᠶᠡᠯᠡᠨ᠂ ᠲᠡᠭᠦᠨ ᠤ ᠪᠤᠳᠤᠯ ᠤᠨ ᠤᠷᠤᠰᠬᠠᠯ ᠤᠨ ᠠᠷᠭ᠎ᠠ ᠪᠡᠷ ᠲᠠᠮᠵᠢᠭᠤᠯᠤᠨ ᠪᠦᠬᠦ ᠵᠤᠬᠢᠶᠠᠯ ᠤᠨ ᠦᠢᠯᠡ ᠶᠠᠪᠤᠳᠠᠯ ᠢ ᠠᠪᠤᠴᠠᠯᠳᠤᠭᠤᠯᠵᠤ ᠪᠠᠢ᠌ᠬᠤ᠂ ᠵᠤᠬᠢᠶᠠᠯ ᠳ᠋ᠡᠬᠢ ᠲᠦᠷᠢ ᠶᠢᠨ ᠵᠠᠩ ᠴᠢᠨᠠᠷ ᠢ ᠲᠤᠪᠤᠢ᠌ᠯᠭᠠᠵᠤ ᠪᠠᠢ᠌ᠬᠤ᠂ ᠭᠤᠤᠯ ᠤᠳᠬ᠎ᠠ ᠰᠠᠨᠠᠭ᠎ᠠ ᠪᠠᠨ ᠭᠦᠨᠵᠡᠭᠡᠢ᠌ᠷᠡᠭᠦᠯᠵᠦ ᠪᠠᠢ᠌ᠬᠤ ᠵᠡᠷᠭᠡ ᠭᠤᠷᠪᠠᠨ ᠲᠠᠯ᠎ᠠ ᠡᠴᠡ ᠤᠴᠢᠵᠤ ᠦᠭᠦᠯᠡᠨ ᠶᠠᠷᠢᠵᠠᠢ᠃ |
Original Literature |
View Original Paper
|
出自 |
赤峰学院学报(蒙文哲学社会科学版)
2015年
第6期
|