Paper Information


Title ᠠ‍ ᠤᠳᠽᠠᠷ ᠤᠨ ᠬᠤᠪᠢᠰᠬᠠᠯᠲᠤ ᠲᠡᠦᠭᠡᠨ ᠰᠡᠳᠦᠪᠲᠦ ᠲᠤᠭᠤᠵᠢᠰ ᠲᠡᠬᠢ ᠮᠣᠩᠭᠤᠯ ᠮᠤᠷᠢᠨ ᠤ ᠵᠤᠷᠢᠭ ᠰᠠᠨᠠᠭ᠎ᠠ ᠵᠢ ᠰᠢᠨᠵᠢᠯᠡᠬᠦ ᠨᠢ
Creator ᠤᠷᠢᠬᠠᠨ; ᠴᠡᠪᠡᠷᠬᠠᠰ
Keyword ᠠ‍᠂ ᠤᠳᠽᠠᠷ; ᠬᠤᠪᠢᠰᠬᠠᠯᠲᠤ ᠲᠡᠦᠭᠡᠨ ᠰᠡᠳᠦᠪᠲᠦ ᠲᠤᠭᠤᠵᠢᠰ; ᠮᠣᠩᠭᠤᠯ ᠮᠤᠷᠢᠨ ᠤ ᠵᠤᠷᠢᠭ ᠰᠠᠨᠠᠭ᠎ᠠ
Abstract ᠮᠣᠩᠭᠤᠯ ᠮᠤᠷᠢᠨ ᠤ ᠵᠤᠷᠢᠭ ᠰᠠᠨᠠᠭ᠎ᠠ ᠪᠤᠯ ᠮᠣᠩᠭᠤᠯ ᠤᠷᠠᠨ ᠵᠤᠬᠢᠶᠠᠯ ᠤᠨ ᠤᠯᠠᠮᠵᠢᠯᠠᠯ ᠮᠦᠨ᠂ ᠠ‍ ᠤᠳᠽᠠᠷ ᠤᠨ ᠲᠤᠭᠤᠵᠢᠰ ᠨᠢ ᠲᠤᠤᠯᠢᠰᠯᠢᠭ ᠰᠢᠨᠵᠢ ᠬᠢᠭᠡᠳ ᠠᠬᠤᠢᠴᠢ ᠦᠵᠡᠯ ᠤᠨ ᠬᠠᠨᠳᠤᠰᠢ ᠤᠶᠠᠯᠳᠤᠭᠰᠠᠨ ᠦᠪᠡᠷᠮᠢᠴᠡ ᠣᠨᠴᠠᠯᠭᠢ ᠲᠤᠮᠲᠠ ᠮᠣᠩᠭᠤᠯ ᠮᠤᠷᠢᠨ ᠤ ᠵᠤᠷᠢᠭ ᠰᠠᠨᠠᠭᠠᠨ ᠤ ᠤᠯᠠᠮᠵᠢᠯᠠᠯ ᠪᠠ ᠴᠠᠭ ᠦᠶ ᠠ ᠶᠢᠨ ᠣᠨᠴᠠᠯᠢᠭ ᠢ ᠬᠠᠷᠠᠭᠤᠯᠤᠭᠰᠠᠨ ᠪᠠᠢᠳᠠᠭ᠃ ᠠ‍᠂ ᠤᠳᠽᠠᠷ ᠤᠨ ᠬᠤᠪᠢᠰᠬᠠᠯᠲᠤ ᠲᠡᠦᠭᠡᠨ ᠰᠡᠳᠦᠪᠲᠦ ᠲᠤᠭᠤᠵᠢᠰ ᠲᠡᠬᠢ ᠮᠣᠩᠭᠤᠯ ᠮᠤᠷᠢᠨ ᠤ ᠵᠤᠷᠢᠭ ᠰᠠᠨᠠᠭᠠᠨ ᠤ ᠢᠯᠡᠷᠡᠯ ᠪᠤᠯ ᠲᠡᠰᠪᠦᠷᠢ ᠬᠠᠲᠠᠭᠤᠵᠢᠯ᠂ ᠪᠠᠲᠤ ᠵᠤᠭᠰᠤᠯᠲᠠ᠂ ᠪᠦᠯᠬᠦᠮᠳᠡᠯ ᠤᠨ ᠵᠤᠷᠢᠭ ᠰᠠᠨᠠᠭ᠎ᠠ᠂ ᠵᠤᠷᠢᠭᠰᠠᠨ ᠳ᠋ᠤ ᠪᠠᠨ ᠬᠦᠷᠬᠦ ᠲᠡᠮᠡᠴᠡᠯ ᠤᠨ ᠵᠤᠷᠢᠭ ᠰᠠᠨᠠᠭ᠎ᠠ᠂ ᠡᠷᠭᠡ ᠲᠡᠭᠰᠢ ᠡᠷᠭᠡ ᠴᠢᠯᠦᠭᠡ ᠲᠠᠢ ᠰᠢᠨ᠎ᠠ ᠨᠡᠢᠭᠡᠮ ᠤᠨ ᠲᠦᠯᠦᠭᠡᠨ ᠤ ᠲᠡᠮᠡᠴᠡᠯ ᠵᠡᠷᠭᠡ ᠬᠡᠳᠦᠨ ᠲᠠᠯ ᠠ ᠲᠡᠭᠡᠷ ᠠ ᠭᠤᠤᠯ ᠲᠦᠪᠯᠡᠷᠡᠵᠦ᠂ ᠡᠨᠡ ᠬᠦ ᠵᠤᠷᠢᠭ ᠰᠠᠨᠠᠭ᠎ᠠ ᠨᠢ ᠵᠤᠬᠢᠶᠠᠯ ᠤᠨ ᠠᠭᠤᠯᠭ᠎ᠠ᠂ ᠤᠳᠬ ᠠ ᠰᠡᠳᠦᠪ ᠡᠴᠡ ᠠᠪᠤᠭᠠᠳ ᠲᠦᠷᠢ ᠪᠦᠲᠦᠭᠡᠯᠲᠡ ᠬᠦᠷᠲᠡᠯ ᠠ ᠠᠭᠤᠰᠤᠨ ᠨᠡᠪᠴᠢᠵᠤ ᠪᠠᠢᠳᠠᠭ᠃
Original Literature View Original Paper
出自 中国蒙古学 2020年 第5期

联系我们


内蒙古大学图书馆
呼和浩特市大学西路235号
中国·内蒙古
P: (0471) 4992561
E: huangfeilong@imu.edu.cn