Paper Information


Title ᠮᠣᠩᠭᠤᠯᠴᠤᠳ ᠤᠨ ᠮᠠᠩᠬᠢᠰᠤ ᠠᠩᠨᠠᠬᠤ ᠪᠠ ᠲᠡᠬᠦᠨ ᠢ ᠠᠵᠤ ᠠᠮᠢᠳᠤᠷᠠᠯ ᠳᠠᠭᠠᠨ ᠬᠡᠷᠡᠭᠡᠯᠬᠦ ᠲᠣᠬᠠᠢ ᠬᠦᠮᠦᠨ ᠵᠦᠢ ᠶᠢᠨ ᠰᠦᠪᠡᠭᠴᠢᠯᠡᠯ
Creator ᠰᠢ• ᠬᠠᠰᠪᠠᠭᠠᠲᠤᠷ
Keyword ᠮᠠᠩᠬᠢᠰᠤ; ᠲᠤᠷᠤᠭᠤ; ᠰᠢᠳᠢᠴᠢᠯᠡᠬᠦ;ᠠᠩᠨᠠᠬᠤ ᠠᠷᠭ᠎ᠠ
Abstract ᠲᠤᠰ ᠦᠭᠦᠯᠡᠯ ᠳ᠋ᠤ ᠮᠣᠩᠭᠤᠯᠴᠤᠳ ᠤᠨ ᠮᠠᠩᠬᠢᠰᠤ ᠠᠩᠨᠠᠵᠤ᠂ ᠠᠷᠠᠰᠤ ᠬᠦᠷᠦᠰᠦ ᠵᠢ ᠨᠢ ᠠᠵᠤ ᠠᠮᠢᠳᠤᠷᠠᠯ ᠳ᠋ᠠᠭᠠᠨ ᠠᠰᠢᠭᠯᠠᠨ ᠬᠡᠷᠡᠭᠡᠯᠵᠦ ᠪᠠᠢᠭᠰᠠᠨ ᠪᠣᠳᠠᠳᠤ ᠮᠠᠲ᠋ᠧᠷᠢᠶᠠᠯ ᠳ᠋ᠤ ᠰᠠᠭᠤᠷᠢᠯᠠᠨ ᠮᠠᠩᠬᠢᠰᠤ ᠪᠠ ᠲᠤᠷᠤᠭᠤ ᠶᠢᠨ ᠢᠯᠭᠠᠭ᠎ᠠ᠂ ᠲᠡᠭᠦᠨ ᠢ ᠰᠢᠳᠢᠴᠢᠯᠡᠬᠦ ᠵᠠᠩᠰᠢᠯ᠂ ᠠᠩᠨᠠᠬᠤ ᠠᠷᠭ᠎ᠠ ᠪᠠᠷᠢᠯ᠂ ᠠᠷᠠᠰᠤ ᠬᠦᠷᠦᠰᠤ ᠵᠢ ᠨᠢ ᠠᠵᠤ ᠠᠮᠢᠳᠤᠷᠠᠯ ᠳ᠋ᠤ ᠬᠡᠷᠡᠭᠡᠯᠬᠦ ᠵᠡᠷᠭᠡ ᠠᠰᠠᠭᠤᠳᠠᠯ ᠢ ᠵᠠᠳᠠᠯᠤᠨ ᠰᠢᠨᠵᠢᠯᠡᠵᠡᠢ᠃ ᠦᠩᠭᠡᠷᠡᠭᠰᠡᠨ ᠳ᠋ᠤ ᠮᠣᠩᠭᠤᠯ ᠨᠤᠲᠤᠭ ᠲᠤ ᠮᠠᠩᠬᠢᠰᠤ ᠠᠷᠪᠢᠨ ᠪᠠᠢᠭᠰᠠᠨ ᠢᠢᠡᠷ ᠪᠠᠷᠠᠬᠤ ᠦᠭᠡᠢ᠂ ᠲᠤᠷᠤᠭᠤ ᠭᠡᠬᠦ ᠠᠮᠢᠳᠠᠨ ᠴᠤ ᠪᠠᠢᠵᠠᠢ᠃ ᠡᠢᠮᠦᠷᠬᠦᠦ ᠬᠤᠶᠠᠷ ᠲᠦᠷᠦᠯ ᠤᠨ ᠠᠮᠢᠲᠠᠨ ᠤ ᠢᠵᠠᠭᠤᠷ ᠭᠠᠷᠤᠯ᠂ ᠪᠡᠶ ᠡ ᠪᠠᠢᠳᠠᠯ᠂ ᠠᠮᠢᠳᠤᠷᠠᠯ ᠤᠨ ᠲᠠᠳᠬᠠᠯ᠂ ᠢᠳᠡᠰᠢ ᠬᠤᠭᠤᠯᠠ᠂ ᠠᠷᠠᠰᠤ ᠬᠦᠷᠦᠰᠦᠨ ᠤ ᠠᠰᠢᠭᠯᠠᠯᠲᠠ ᠵᠡᠷᠭᠡ ᠤᠯᠠᠨ ᠲᠠᠯ ᠠ ᠪᠡᠷ ᠲᠤᠩ ᠠᠳᠠᠯᠢᠪᠲᠤᠷ ᠪᠣᠯᠪᠠᠴᠤ ᠪᠠᠰᠠ ᠵᠣᠬᠢᠬᠤ ᠢᠯᠭᠠᠭᠠ᠎ᠠ ᠲᠠᠢ ᠪᠣᠯᠬᠤᠷ ᠤᠷᠢᠳ ᠢᠢᠡᠷ ᠢᠯᠭᠠᠭ᠎ᠠ ᠵᠦᠷᠢᠶ ᠡ ᠵᠢ ᠨᠢ ᠲᠤᠳᠤᠯᠠᠨ᠂ ᠲᠠᠷᠠᠭ᠎ᠠᠨᠢ ᠠᠷᠠᠳ ᠤᠨ ᠲᠤᠮᠳᠠ ᠮᠠᠩᠬᠢᠰᠤ ᠵᠢ ᠰᠢᠳᠢᠴᠢᠯᠡᠵᠦ ᠪᠠᠢᠭᠰᠠᠨ ᠵᠠᠩᠰᠢᠯ ᠢ ᠬᠠᠢᠨ ᠰᠦᠪᠡᠭᠴᠢᠯᠡᠵᠡᠢ᠃ ᠮᠣᠩᠭᠤᠯᠴᠤᠳ ᠨᠢᠭᠡ ᠲᠠᠯ ᠠ ᠪᠡᠷ ᠮᠠᠩᠭᠢᠰᠦ ᠵᠢ ᠰᠢᠳᠢᠴᠢᠯᠠᠨ ᠨᠦᠬᠦᠭᠡ ᠲᠠᠯ ᠠ ᠪᠡᠷ ᠪᠠᠰᠠ ᠤᠬᠤᠵᠤ ᠮᠠᠯᠲᠠᠬᠤ ᠠᠷᠭ᠎ᠠ ᠪᠡᠷ ᠠᠩᠨᠠᠵᠤ᠂ ᠠᠷᠠᠰᠤ ᠬᠦᠡᠦᠰᠦ ᠵᠢ ᠨᠢ ᠪᠣᠯᠪᠠᠰᠤᠷᠠᠭᠤᠯᠤᠨ ᠬᠤᠪᠴᠠᠰᠤ ᠵᠠᠰᠠᠯ  ᠳᠤ᠂ ᠮᠢᠬ ᠠ ᠵᠢ ᠨᠢ ᠢᠳᠡᠭᠡᠨ ᠤᠮᠳᠠᠭᠠᠨ ᠳ᠋ᠤ᠂ ᠦᠭᠡᠬᠦ ᠲᠤᠰᠤ ᠵᠢ ᠨᠢ ᠬᠦᠮᠦᠨ᠂ ᠮᠠᠯ ᠤᠨ ᠡᠮᠨᠡᠯᠭᠡ ᠳ᠋ᠤ ᠲᠤᠰ ᠲᠤᠰ ᠬᠡᠷᠡᠭᠡᠯᠵᠦ ᠪᠠᠢᠵᠠᠢ᠃
Original Literature View Original Paper
出自 内蒙古师范大学学报 2011年 第2期

联系我们


内蒙古大学图书馆
呼和浩特市大学西路235号
中国·内蒙古
P: (0471) 4992561
E: huangfeilong@imu.edu.cn