Paper Information


Title ᠣᠳᠣᠬᠢᠴᠢ ᠦᠵᠡᠯ ᠬᠢᠭᠡᠳ ᠤᠯᠠᠮᠵᠢᠯᠠᠯᠲᠤ ᠤᠳᠬ᠎ᠠ ᠵᠤᠬᠢᠶᠠᠯ
Creator ᠭᠡᠷᠡᠯ
Keyword ᠣᠳᠣᠬᠢᠴᠢ ᠦᠵᠡᠯ; ᠤᠯᠠᠮᠵᠢᠯᠠᠯᠲᠤ ᠤᠳᠬ᠎ᠠ ᠵᠤᠬᠢᠶᠠᠯ
Abstract ᠣᠳᠣᠬᠢᠴᠢ ᠦᠵᠡᠯ ᠦᠨ ᠤᠳᠬ᠎ᠠ ᠵᠤᠬᠢᠶᠠᠯ ᠪᠤᠯ 19᠋ ᠳᠦᠭᠡᠷ ᠵᠠᠭ᠋ᠤᠨ ᠤ ᠰᠡᠭᠦᠯᠴᠢ ᠳᠦ ᠪᠤᠢ ᠪᠤᠯᠵᠤ᠂ 20᠋ ᠳᠤᠭ᠋ᠠᠷ ᠵᠠᠭ᠋ᠤᠨ ᠤ ᠡᠸᠦ᠋ᠷᠦᠫᠡ ᠠᠮᠧᠷᠢᠺᠠ ᠶᠢᠨ ᠤᠳᠬ᠎ᠠ ᠵᠤᠬᠢᠶᠠᠯ ᠤᠨ ᠲᠠᠪᠴᠠᠩ ᠳᠡᠭᠡᠷ᠎ᠡ ᠨᠤᠶᠠᠷᠬᠠᠵᠤ ᠪᠠᠢᠭᠰᠠᠨ ᠤᠯᠠᠮᠵᠢᠯᠠᠯ ᠢ ᠡᠰᠡᠷᠭᠦᠴᠡᠭᠰᠡᠨ ᠬᠤᠰᠢᠭ᠋ᠤᠴᠢ ᠪᠦᠯᠦᠭ ᠦᠨ ᠤᠳᠬ᠎ᠠ ᠵᠤᠬᠢᠶᠠᠯ ᠪᠤᠯᠤᠨ᠎ᠠ᠃ ᠲᠡᠭᠦᠨ ᠳᠦ ᠪᠡᠯᠭᠡᠳᠡᠯ ᠦᠵᠡᠯ᠂ ᠪᠤᠳᠤᠯ ᠤᠨ ᠤᠷᠤᠰᠬᠠᠯ ᠤᠨ ᠲᠤᠭ᠋ᠤᠵᠢᠰ᠂ ᠢᠷᠡᠭᠡᠳᠦᠢᠴᠢ ᠦᠵᠡᠯ᠂ ᠢᠯᠡᠷᠡᠭᠦᠯᠭᠦᠢ ᠦᠵᠡᠯ᠂ ᠬᠡᠳᠦ ᠠᠬᠤᠢᠴᠢ ᠦᠵᠡᠯ᠂ ᠣᠷᠤᠰᠢᠬᠤᠢ ᠦᠵᠡᠯ᠂ ᠰᠢᠨ᠎ᠡ ᠲᠤᠭ᠋ᠤᠵᠢᠰ ᠤᠨ ᠪᠦᠯᠦᠭ᠂ ᠬᠠᠭ᠋ᠤᠮᠠᠭ᠋ᠠᠢ ᠪᠦᠯᠦᠭ ᠦᠨ ᠰᠢ ᠵᠦᠴᠦᠭᠡ᠂ ᠬᠠᠷ᠎ᠠ ᠶᠦᠮᠦᠷ᠂ ᠶᠧᠯᠧᠢᠲᠦ ᠠᠬᠤᠢᠴᠢ ᠦᠵᠡᠯ᠂ ᠡᠮᠦᠨ᠋ᠡᠳᠦ ᠶᠢᠨ ᠤᠳᠬ᠎ᠠ ᠵᠤᠬᠢᠶᠠᠯ᠂ ᠰᠢᠨ᠎ᠡ ᠰᠡᠷᠡᠯ ᠦᠨ ᠪᠦᠯᠦᠭ ᠵᠡᠷᠭᠡ ᠮᠠᠰᠢ ᠣᠯᠠᠨ ᠤᠷᠤᠰᠬᠠᠯ ᠪᠦᠯᠦᠭ᠂ ᠵᠤᠬᠢᠶᠠᠨ ᠪᠦᠲᠦᠭᠡᠬᠦ ᠠᠷᠭ᠎ᠠ ᠵᠠᠷᠴᠢᠮ ᠪᠠᠢᠳᠠᠭ᠃ ᠤᠯᠠᠮᠵᠢᠯᠠᠯᠲᠤ ᠤᠳᠬ᠎ᠠ ᠵᠤᠬᠢᠶᠠᠯ ᠭᠡᠳᠡᠭ ᠨᠢ ᠭᠤᠤᠯᠳᠠᠭ᠋ᠤ ᠣᠳᠣᠬᠢᠴᠢ ᠦᠵᠡᠯ ᠦᠨ ᠤᠳᠬ᠎ᠠ ᠵᠤᠬᠢᠶᠠᠯ ᠠᠴᠠ ᠡᠮᠦᠨ᠋ᠡᠬᠢ ᠦᠶ᠎ᠡ ᠶᠢᠨ ᠡᠯ ᠡ ᠤᠳᠬ᠎ᠠ ᠵᠤᠬᠢᠶᠠᠯ ᠢ ᠵᠢᠭ᠋ᠠᠨ᠎ᠠ᠃ ᠲᠤᠰ ᠦᠭᠦᠯᠡᠯ ᠳᠦ ᠭᠤᠤᠯᠳᠠᠭ᠋ᠤ ᠣᠳᠣᠬᠢᠴᠢ ᠦᠵᠡᠯ ᠦᠨ ᠤᠳᠬ᠎ᠠ ᠵᠤᠬᠢᠶᠠᠯ ᠤᠨ ᠰᠢᠭ᠋ᠤᠳ ᠤᠯᠠᠮᠵᠢᠯᠠᠯᠲᠤ ᠪᠤᠯᠤᠭᠰᠠᠨ ᠬᠦᠰᠡᠬᠦᠢᠴᠢ ᠦᠵᠡᠯ᠂ ᠠᠬᠤᠢᠴᠢ ᠦᠵᠡᠯ ᠪᠡ ᠤᠯᠠᠮᠵᠢᠯᠠᠯᠲᠤ ᠰᠢ ᠵᠦᠴᠦᠭᠡ ᠶᠢ ᠲᠠᠲᠠᠨ ᠶᠠᠷᠢᠵᠠᠢ᠃
Original Literature No Original Paper
出自 内蒙古民族大学学报(社会科学) 2002年 第3期

联系我们


内蒙古大学图书馆
呼和浩特市大学西路235号
中国·内蒙古
P: (0471) 4992561
E: huangfeilong@imu.edu.cn