Paper Information


Title ᠬᠠᠰᠪᠤ ᠶᠢᠨ ᠤᠷᠴᠢᠭᠤᠯᠤᠭᠰᠠᠨ 《ᠰᠣᠪᠤᠳ ᠴᠡᠮᠴᠡ》 ᠬᠢᠭᠡᠳ ᠳ᠂ ᠪᠤᠳᠣ ᠠ ᠶᠢᠨ 《 ᠦᠵᠡᠯᠵᠢᠲᠦ ᠦᠭᠦᠯᠡᠯ》 ᠤᠨ ᠬᠠᠷᠢᠴᠠᠭ᠎ᠠ
Creator ᠹᠸᠩ ᠴᠢᠤᠸᠠᠨ
Keyword ᠬᠠᠰᠪᠤ; ᠳ᠂ ᠪᠤᠳᠣ ᠠ; ᠵᠤᠬᠢᠶᠠᠯ ᠪᠦᠲᠦᠭᠡᠯ ᠤᠨ ᠬᠠᠷᠢᠴᠠᠭ᠎ᠠ
Abstract ᠮᠢᠩ ᠤᠯᠤᠰ ᠤᠨ ᠦᠶ ᠠ ᠶᠢᠨ ᠬᠢᠲᠠᠳ ᠤᠷᠠᠨ ᠵᠤᠬᠢᠶᠠᠯ《 ᠵᠢᠨ ᠭᠦ᠋ ᠴᠢ ᠭᠤᠸᠠᠨ》 ᠨᠢ ᠮᠣᠩᠭᠤᠯ ᠬᠡᠯᠡᠨ ᠳ᠋ᠤ ᠬᠤᠶᠠᠷ ᠵᠦᠢᠯ ᠤᠨ ᠣᠷᠴᠢᠭᠤᠯᠭ᠎ᠠ ᠲᠠᠢ ᠪᠠᠢᠳᠠᠭ᠃ ᠨᠢᠭᠡ ᠨᠢ ᠬᠠᠰᠪᠤ ᠶᠢᠨ ᠣᠷᠴᠢᠭᠤᠯᠤᠭᠰᠠᠨ 《 ᠭᠠᠢᠬᠠᠯᠲᠠᠢ ᠦᠵᠡᠯᠵᠢᠲᠦ ᠪᠢᠴᠢᠭ》᠃ ᠨᠦᠬᠦᠭᠡ ᠨᠢ ᠮᠣᠩᠭᠤᠯ ᠤᠯᠤᠰ ᠲᠤ ᠬᠠᠳᠠᠭᠠᠯᠠᠭᠳᠠᠵᠤ ᠪᠠᠢᠭ᠎ᠠ ᠵᠤᠬᠢᠶᠠᠭᠴᠢ ᠨᠢ ᠦᠯᠦ ᠮᠡᠳᠡᠭᠳᠡᠬᠦ《 ᠡᠷᠲᠡ ᠡᠳᠦᠭᠡᠬᠢ ᠶᠢᠨ ᠭᠠᠢᠬᠠᠮᠰᠢᠭ》 ᠪᠤᠯᠤᠨ᠎ᠠ᠃ ᠮᠣᠩᠭᠤᠯ ᠤᠯᠤᠰ ᠤᠨ ᠳ᠂ ᠪᠤᠳᠣ ᠠ20 ᠳ᠋ᠤᠭᠠᠷ ᠵᠠᠭᠤᠨ ᠤ ᠡᠬᠢᠨ ᠤ ᠦᠶ ᠠ ᠳ᠋ᠤ 《 ᠦᠢᠯᠡ  ᠶᠢᠨ ᠴᠢᠠᠨᠷ ᠢ ᠦᠯᠢᠭᠡᠷᠯᠡᠭᠰᠡᠨ ᠦᠵᠡᠮᠵᠢᠲᠦ ᠦᠭᠦᠯᠡᠯ》 ᠭᠡᠭᠦ ᠵᠤᠬᠢᠶᠠᠯ ᠨᠡᠢᠲᠡᠯᠡᠭᠦᠯᠡᠵᠡᠢ᠃ ᠡᠷᠳᠡᠮᠲᠡᠳ ᠲᠤᠰ ᠵᠤᠬᠢᠶᠠᠯ ᠢ ᠬᠢᠲᠠᠳ ᠦᠨᠳᠦᠰᠦᠲᠡᠨ ᠤ 《 ᠵᠢᠨ ᠭᠦ᠋ ᠴᠢ ᠭᠤᠸᠠᠨ》 ᠤ ᠨᠦᠯᠦᠭᠡ ᠵᠢ ᠬᠦᠷᠲᠡᠪᠡ ᠭᠡᠵᠦ ᠯᠡ ᠳᠦᠩᠨᠡᠵᠦ ᠪᠠᠢᠪᠠ᠃ ᠦᠨᠡᠨ ᠳ᠋ᠡᠭᠡᠨ ᠳ᠂ᠪᠤᠳᠣ ᠠ 《ᠦᠵᠡᠮᠵᠢᠲᠦ ᠦᠭᠦᠯᠡᠯ 》ᠵᠢᠡᠨ ᠬᠠᠰᠪᠤ ᠶᠢᠨ ᠤᠷᠴᠢᠭᠤᠯᠭ᠎ᠠ ᠵᠢ ᠲᠠᠭᠤᠷᠢᠶᠠᠨ ᠠᠰᠢᠭᠯᠠᠵᠤ ᠨᠠᠢᠷᠠᠭᠤᠯᠤᠨ ᠪᠦᠲᠦᠭᠡᠭᠰᠡᠨ ᠪᠠᠢᠨ᠎ᠠ᠃
Original Literature View Original Paper
出自 中国蒙古学 2020年 第4期

联系我们


内蒙古大学图书馆
呼和浩特市大学西路235号
中国·内蒙古
P: (0471) 4992561
E: huangfeilong@imu.edu.cn