Paper Information


Title ᠨᠡᠭᠦᠳᠡᠯ ᠮᠠᠯ ᠠᠵᠤ ᠠᠬᠤᠢ ᠶᠢᠨ ᠰᠣᠶᠣᠯ ᠤᠨ ᠴᠦᠮ ᠠ ᠪᠤᠯᠤᠨ ᠠᠮᠢ ᠠᠬᠤᠢ ᠶᠢᠨ ᠪᠤᠯᠪᠠᠰᠤᠨ ᠤ ᠪᠠᠢᠭᠤᠯᠤᠯᠲᠠ ᠶᠢᠨ ᠬᠠᠷᠢᠴᠠᠭ᠎ᠠ ᠵᠢ ᠦᠭᠦᠯᠡᠬᠦ ᠨᠢ
Creator ᠵᠠᠩ ᠰᠸ ᠯᠠᠢ; ᠡᠦ ᠹᠸᠩ
Keyword ᠨᠡᠭᠦᠳᠡᠯ; ᠮᠠᠯ ᠠᠵᠤ ᠠᠬᠤᠢ; ᠮᠣᠩᠭᠤᠯ; ᠠᠮᠢ ᠨᠠᠰᠤᠨ ᠤ ᠡᠯᠮᠸᠮᠸᠨ᠋ᠲ; ᠠᠮᠢ ᠠᠬᠤᠢ
Abstract ᠮᠣᠩᠭᠤᠯᠴᠤᠳ ᠢ ᠪᠠᠭᠲᠠᠭᠠᠭᠰᠠᠨ ᠤᠮᠠᠷᠠᠲᠤ ᠶᠢᠨ ᠴᠦᠬᠡᠨ ᠲᠤᠭᠠᠲᠤ ᠦᠨᠳᠦᠦᠰᠲᠡᠨ ᠨᠡᠭᠦᠳᠡᠯ ᠮᠠᠯ ᠠᠵᠤ ᠠᠬᠤᠢ ᠵᠢ ᠰᠣᠩᠭᠤᠭᠰᠠᠨ ᠨᠢ ᠲᠡᠳᠡᠨ ᠤᠼ ᠨᠤᠲᠤᠭᠯᠠᠨ ᠠᠮᠢᠳᠤᠷᠠᠵᠤ ᠪᠠᠢᠭᠰᠠᠨ ᠣᠷᠴᠢᠨ ᠠᠬᠤᠢ᠂ ᠠᠭᠤᠷ ᠠᠮᠢᠰᠬᠤᠯ ᠤᠨ ᠨᠦᠬᠦᠴᠡᠯ ᠵᠡᠷᠭᠡ ᠲᠠᠢ ᠨᠢ ᠨᠢᠭᠲᠠ ᠬᠠᠷᠢᠴᠠᠭ᠎ᠠ ᠲᠠᠢ ᠪᠠᠢᠭᠰᠠᠨ ᠶᠣᠮ᠃ ᠲᠡᠳᠡ ᠲᠠᠪᠤᠨ ᠬᠤᠰᠢᠭᠤ ᠮᠠᠯ ᠢᠢᠡᠨ ᠲᠠᠯ ᠠ ᠳ᠋ᠠᠭᠠᠨ ᠢᠳᠡᠭᠡᠰᠢᠭᠦᠯᠵᠦ᠂ ᠴᠠᠭ ᠤᠯᠠᠷᠢᠯ ᠤᠨ ᠡᠷᠬᠢᠯᠲᠡ᠂ ᠡᠪᠡᠰᠦ ᠪᠡᠯᠴᠢᠭᠡᠷ ᠤᠨ ᠤᠷᠭᠤᠴᠠ ᠵᠢ ᠦᠨᠳᠦᠰᠦᠯᠡᠵᠦ ᠨᠡᠭᠦᠳᠡᠯᠯᠡᠨ ᠮᠠᠯᠵᠢᠬᠤ ᠪᠡᠷ ᠲᠠᠮᠵᠢᠨ ᠡᠪᠡᠰᠦ ᠪᠡᠯᠴᠢᠭᠡᠷ ᠤᠨ ᠤᠷᠭᠤᠴᠠ ᠵᠢ ᠰᠠᠢᠵᠢᠷᠠᠭᠤᠯᠵᠤ᠂ ᠮᠠᠯ ᠰᠦᠷᠦᠭ ᠤᠨ ᠢᠢᠡᠨ ᠲᠠᠷᠭᠤ ᠰᠢᠮ ᠠ ᠵᠢ ᠪᠠᠲᠤᠯᠠᠨ᠂ ᠠᠮᠢᠳᠤᠷᠠᠯ ᠠᠬᠤᠢ ᠪᠠᠨ ᠦᠷᠭᠦᠯᠵᠢᠯᠡᠬᠦᠯᠵᠦ ᠪᠠᠢᠭᠰᠠᠨ ᠪᠦᠭᠡᠳ ᠲᠡᠪᠤᠨ ᠬᠤᠰᠢᠭᠤ ᠮᠠᠯ ᠤᠨ ᠢᠯᠭᠠᠳᠠᠰᠤ ᠵᠢ ᠪᠠᠢᠭᠠᠯᠢ ᠳ᠋ᠤ ᠪᠤᠴᠠᠭᠠᠬᠤ ᠠᠷᠭ᠎ᠠ ᠠᠪᠴᠠᠯ ᠢᠢᠡᠷ ᠪᠠᠢᠭᠠᠯᠢ ᠤᠷᠴᠢᠨ ᠤ ᠪᠠᠨ ᠠᠮᠢ ᠠᠬᠤᠢ ᠶᠢᠨ ᠲᠡᠩᠴᠡᠭᠦᠷᠢ ᠵᠢ ᠪᠠᠲᠤᠯᠠᠵᠦ᠂ᠪᠠᠢᠭᠠᠯᠢ ᠡᠴᠡ ᠱᠠᠭᠠᠷᠳᠠᠬᠤ ᠠᠮᠢ ᠨᠠᠰᠤᠨ ᠤ ᠡᠯᠸᠮᠸᠨ᠋ᠲ-ᠲᠡᠮᠦᠷ᠂ ᠺᠠᠯᠼ᠂ ᠹᠣᠰᠹᠥᠷ; ᠺᠠᠯᠢ ᠵᠡᠷᠭᠡ ᠵᠢ ᠪᠠᠭᠠᠯᠢ ᠳ᠋ᠤᠨᠢ ᠪᠤᠴᠠᠭᠠᠨ ᠪᠡᠣᠯᠴᠢᠭᠡᠷ ᠤᠨ ᠠᠮᠢ ᠠᠬᠤᠢ ᠪᠠᠨ ᠬᠠᠮᠠᠭᠠᠯᠠᠵᠤ ᠪᠠᠢᠭᠰᠠᠨ ᠶᠣᠮ᠃ ᠮᠣᠩᠭᠤᠯᠴᠤᠳ ᠠᠯᠢ ᠡᠷᠲᠡ ᠡᠴᠡ ᠢᠩᠬᠢᠵᠦ ᠬᠢᠭᠰᠡᠭᠡᠷ ᠢᠷᠡᠭᠰᠡᠨ ᠢ ᠪᠢᠳᠡ ᠨᠡᠭᠦᠳᠡᠯ ᠮᠠᠯ ᠵᠠᠤ ᠠᠬᠤᠢ ᠶᠢᠨ ᠰᠣᠶᠣᠯ ᠤᠨ ᠴᠦᠮ ᠠ ᠭᠡᠵᠦ ᠦᠵᠡᠵᠦ ᠪᠤᠯᠤᠨ᠎ᠠ᠃
Original Literature View Original Paper
出自 中国蒙古学 2020年 第4期

联系我们


内蒙古大学图书馆
呼和浩特市大学西路235号
中国·内蒙古
P: (0471) 4992561
E: huangfeilong@imu.edu.cn