Title |
ᠤᠷᠠᠨ ᠰᠡᠳᠬᠢᠮᠵᠢ ᠪᠡᠷ ᠱᠤᠭᠤᠭᠳᠠᠭᠰᠠᠨ ᠤᠷᠠᠯᠢᠭ ᠤᠨ ᠶᠢᠷᠲᠢᠨᠴᠦ - ᠰᠢᠨ᠎ᠠ ᠡᠷᠢᠨ ᠤ ᠡᠮᠡᠭᠲᠡᠢ ᠰᠢᠯᠦᠭᠴᠢᠳ ᠤᠨ ᠰᠢᠯᠦᠭ ᠤᠨ ᠵᠢᠱᠢᠶᠡᠨ ᠲᠡᠭᠡᠷ ᠠ |
Creator |
ᠣ᠂ ᠠᠯᠲᠠᠨᠭᠤᠤ ᠠ |
Keyword |
ᠰᠢᠨ᠎ᠠ ᠡᠷᠢᠨ; ᠡᠮᠡᠭᠲᠡᠢ ᠰᠢᠯᠦᠭᠴᠢ; ᠤᠷᠠᠨ ᠰᠡᠳᠭᠢᠮᠵᠢ; ᠤᠷᠠᠯᠢᠭ ᠤᠨ ᠠᠷᠭ᠎ᠠ ᠪᠠᠷᠢᠯ |
Abstract |
ᠰᠢᠨ᠎ᠠ ᠡᠷᠢᠨ ᠳ᠋ᠤ ᠮᠣᠩᠭᠤᠯ ᠦᠨᠳᠦᠰᠦᠲᠡᠨ ᠤ ᠡᠮᠡᠭᠲᠡᠢ ᠰᠢᠯᠦᠭᠴᠢᠳ ᠤᠨ ᠲᠤᠭ᠎ᠠ ᠤᠠᠯᠰᠢᠷᠠᠵᠤ ᠰᠢᠯᠦᠭ ᠪᠦᠲᠦᠭᠡᠯᠭᠡ ᠶᠢᠨ ᠤᠷᠠᠯᠢᠭ ᠤᠨ ᠠᠷᠭ᠎ᠠ ᠠᠪᠴᠠᠯ ᠤᠯᠠᠨ ᠶᠠᠩᠵᠤ ᠶᠢᠨ ᠪᠤᠯᠤᠭᠰᠠᠨ ᠪᠠᠢᠭ᠎ᠠ ᠨᠢ ᠠᠵᠢᠭᠯᠠᠭᠳᠠᠨ᠎ᠠ᠃ ᠲᠡᠳᠡᠨ ᠤ ᠰᠢᠯᠦᠭ ᠪᠦᠲᠦᠭᠡᠯᠭᠡ ᠶᠢᠨ ᠠᠮᠵᠢᠯᠲᠠ ᠳ᠋ᠤ ᠬᠦᠷᠦᠭᠰᠡᠨ ᠨᠢ ᠨᠢᠭᠡ ᠭᠤᠤᠯ ᠰᠢᠯᠲᠠᠭᠠᠨ ᠨᠢ ᠰᠡᠳᠬᠢᠮᠵᠢ ᠰᠢᠨ᠎ᠠ ᠰᠤᠷᠭᠤᠭ ᠪᠠᠢᠵᠤ ᠬᠠᠮ ᠰᠡᠷᠡᠯ᠂ ᠰᠠᠨᠠᠭ᠎ᠠ ᠲᠦᠷᠢ ᠪᠦᠲᠦᠭᠡᠬᠦ᠂ ᠰᠠᠨᠠᠭ᠎ᠠ ᠠᠬᠤᠢ ᠵᠢ ᠵᠢᠷᠤᠭᠯᠠᠬᠤ ᠵᠡᠷᠭᠡ ᠤᠷᠠᠯᠢᠭ ᠤᠨ ᠠᠷᠭ᠎ᠠ ᠪᠠᠷᠢᠯ ᠢ ᠴᠢᠯᠦᠭᠡᠲᠡᠢ ᠬᠡᠷᠡᠭᠯᠡᠭᠰᠡᠨ ᠳ᠋ᠤ ᠪᠠᠢᠨ᠎ᠠ᠃ ᠰᠢᠨ᠎ᠠ ᠡᠷᠢᠨ ᠤ ᠡᠮᠡᠭᠲᠡᠢ ᠰᠢᠯᠦᠭᠴᠢᠳ ᠤᠨ ᠰᠢᠯᠦᠭ ᠪᠦᠲᠦᠭᠡᠯᠭᠡ ᠵᠢ ᠰᠡᠳᠬᠢᠮᠵᠢ ᠪᠠ ᠤᠷᠠᠯᠢᠭ ᠤᠨ ᠠᠷᠭ᠎ᠠ ᠪᠠᠷᠢᠯ ᠡᠴᠡ ᠰᠣᠳᠤᠯᠬᠤ ᠨᠢ ᠵᠤᠬᠢᠬᠤ ᠦᠨ᠎ᠠ ᠴᠡᠨ᠎ᠠ ᠲᠠᠢ ᠶᠣᠮ᠃ ᠦᠭᠦᠯᠡᠯ ᠳ᠋ᠤ ᠰᠢᠨ᠎ᠠ ᠡᠷᠢᠨ ᠤ ᠡᠮᠡᠭᠲᠡᠢ ᠰᠢᠯᠦᠭᠴᠢᠳ ᠤᠨ ᠰᠢᠯᠦᠭ ᠢ ᠰᠡᠳᠬᠢᠮᠵᠢ ᠪᠠ ᠤᠷᠠᠯᠢᠭ ᠤᠨ ᠠᠷᠭ᠎ᠠ ᠪᠠᠷᠢᠯ ᠬᠤᠶᠠᠷ ᠲᠠᠯ ᠠ ᠡᠴᠡ ᠰᠣᠳᠤᠯᠤᠨ ᠰᠢᠯᠦᠭ ᠤᠨ ᠤᠷᠠᠯᠢᠭ ᠤᠨ ᠠᠮᠵᠢᠯᠲᠠ ᠵᠢ ᠲᠤᠳᠤᠷᠠᠭᠤᠯᠬᠤ ᠵᠢ ᠵᠤᠷᠢᠵᠡᠢ᠃ |
Original Literature |
View Original Paper
|
出自 |
内蒙古社会科学(蒙文版)
2020年
第3期
|