Paper Information


Title 《ᠮᠣᠩᠭᠤᠯ ᠤᠨ ᠨᠢᠭᠤᠴᠠ ᠲᠤᠪᠴᠢᠶᠠᠨ》 ᠳ᠋ᠡᠬᠢ 《 ᠦᠬᠦᠪᠡᠰᠦ ᠢᠨᠦᠦᠬᠦᠰᠦᠭᠡᠢ᠂ ᠠᠪᠠᠰᠤ ᠢᠨᠦ ᠠᠰᠤᠭᠠᠢ》 ᠭᠡᠬᠦ ᠬᠡᠯᠡᠯᠭᠡ ᠵᠢ ᠨᠢᠭᠲᠠᠯᠠᠬᠤ ᠨᠢ
Creator ᠪᠦᠷᠢᠨᠪᠠᠲᠤ
Keyword 《 ᠮᠣᠩᠭᠤᠯ ᠤᠨ ᠨᠢᠭᠤᠴᠠ ᠲᠤᠪᠴᠢᠶᠠᠨ》; 《 ᠢᠨᠦ》; 《 ᠦᠬᠦᠪᠡᠰᠦ ᠢᠨᠦ ᠦᠬᠦᠰᠦᠭᠡᠢ᠂ ᠠᠪᠠᠰᠤ ᠢᠨᠤ ᠠᠰᠤᠭᠠᠢ》
Abstract 《ᠮᠣᠩᠭᠤᠯ ᠤᠨᠨᠢᠭᠤᠴᠠ ᠲᠤᠪᠴᠢᠶᠠᠨ》 ᠤ ᠲᠡᠮᠳᠡᠭᠯᠡᠯ ᠳ᠋ᠤ᠂ ᠪᠤᠳᠠᠨᠴᠠᠡ ᠠᠬ᠎ᠠ ᠨᠠᠷ ᠲᠠᠭᠠᠨ ᠲᠡᠨᠡᠭ ᠪᠢᠳᠠᠭᠤ ᠭᠡᠵᠦ ᠲᠤᠷᠤᠮᠵᠢᠯᠠᠭᠳᠠᠨ᠂ ᠠᠬ᠎ᠠ ᠲᠡᠭᠦᠦ ᠳ᠋ᠤ ᠦᠯᠦ ᠲᠤᠭᠠᠴᠠᠭᠳᠠᠨ᠂ ᠦᠮᠴᠢ ᠬᠤᠪᠢ ᠴᠦ ᠤᠯᠬᠤ ᠦᠭᠡᠢ ᠭᠠᠳᠠᠭᠤᠷᠴᠢᠯᠠᠭᠳᠠᠭᠰᠠᠨ ᠡᠴᠡ ᠪᠤᠯᠵᠤ ᠰᠠᠯᠵᠤ ᠶᠠᠪᠤᠬᠤ ᠳ᠋ᠠᠭᠠᠨᠬᠡᠯᠡᠭᠰᠡᠨ 》 ᠦᠬᠦᠪᠡᠰᠦ ᠢᠨᠦ ᠦᠬᠦᠰᠦᠭᠡᠢ᠂ ᠠᠪᠠᠰᠤ ᠢᠨᠦ ᠠᠰᠤᠭᠠᠢ》ᠭᠡᠬᠦ ᠬᠡᠯᠡᠯᠭᠡ ᠪᠠᠢᠳᠠᠭ᠃ᠡᠨᠡ ᠬᠡᠯᠡᠯᠭᠡ ᠳ᠋ᠤ ᠭᠠᠷᠴᠤ ᠪᠠᠢᠭ᠎ᠠ 《 ᠢᠨᠦ》ᠭᠡᠬᠦ ᠦᠭᠡ ᠵᠢ 《 ᠮᠣᠩᠭᠤᠯ ᠤᠨ ᠨᠢᠭᠤᠴᠠ ᠲᠤᠪᠴᠢᠶᠠᠨ》 ᠤ ᠬᠢᠲᠠᠳ ᠭᠠᠯᠢᠭᠯᠠᠯ ᠡᠭᠡ ᠳ᠋ᠤ《 亦讷》ᠭᠡᠵᠦ ᠭᠠᠯᠠᠭᠯᠠᠭᠠᠳ《他的》 ᠭᠡᠵᠦ ᠬᠠᠵᠠᠭᠤ ᠶᠢᠨ ᠤᠷᠴᠢᠭᠤᠯᠭ᠎ᠠ ᠬᠠᠳᠠᠭᠰᠠᠨ ᠪᠠᠢᠳᠠᠭ᠃ ᠡᠨᠡ ᠪᠠᠢᠷᠢ ᠳ᠋ᠡᠬᠢ 《 ᠢᠨᠦ》 ᠵᠢ ᠬᠡᠯᠡᠨ ᠤ ᠣᠷᠴᠢᠨ ᠡᠴᠡ ᠨᠢ ᠢᠨᠭᠲᠠᠯᠠᠨ ᠦᠵᠡᠪᠡᠯ ᠭᠤᠷᠪᠠᠳᠤᠭᠠᠷ ᠪᠡᠶ ᠠ ᠶᠢᠨ ᠲᠦᠯᠦᠭᠡᠨ ᠤ ᠦᠭᠡ ᠡᠴᠡ ᠤᠳᠬ ᠠ ᠬᠡᠷᠡᠭᠯᠡᠭᠡ ᠨᠢ ᠦᠰᠦᠳ ᠦᠭᠡᠷ ᠠ ᠪᠡᠷ ᠢᠯᠡᠷᠡᠵᠦ ᠪᠠᠢᠨ᠎ᠠ᠃《 ᠬᠤᠷᠢᠨ ᠨᠢᠭᠡᠲᠦ ᠲᠠᠢᠯᠪᠤᠷᠢ ᠲᠤᠯᠢ》᠂《 ᠬᠤᠷᠢᠨ ᠨᠠᠢᠮᠠᠲᠤ ᠲᠠᠢᠯᠪᠤᠷᠢ ᠲᠤᠯᠢ》 ᠵᠡᠷᠭᠡ ᠳ᠋ᠤ ᠪᠦᠷᠢᠳᠭᠡᠭᠳᠡᠭᠰᠡᠨ《ᠢᠨᠦ ᠬᠦ~ ᠲᠡᠳᠦ》 ᠭᠡᠬᠦ ᠦᠭᠡ ᠶᠢᠨ ᠲᠠᠢᠯᠪᠤᠷᠢ ᠳ᠋ᠤ ᠦᠨᠳᠦᠰᠦᠯᠡᠭᠦᠯᠪᠡᠯ ᠨᠡᠨ ᠬᠡᠯᠡᠯᠭᠡ ᠨᠢ 》 ᠨᠢᠭᠡᠨᠲᠡ ᠡᠢᠮᠦ ᠪᠤᠯᠤᠭᠰᠠᠨ ᠤ ᠲᠤᠯᠠᠲᠠ ᠠᠮᠢᠳᠤᠷᠠᠪᠠᠯ ᠠᠮᠢᠳᠤᠷᠠᠶ ᠠ》ᠭᠡᠰᠡᠨ ᠤᠳᠬ ᠠ ᠲᠠᠢ ᠬᠦᠨ ᠬᠦᠨᠵᠡᠭᠡᠢ ᠰᠡᠳᠭᠢᠯᠭᠡᠨ ᠪᠠᠨ ᠨᠠᠢᠷᠠᠭᠤᠯᠭ᠎ ᠠ ᠶᠢᠨ ᠦᠩᠭᠡ ᠠᠶᠠᠰ ᠲᠠᠢ ᠬᠡᠯᠡᠯᠭᠡ ᠪᠠᠢᠭᠰᠠᠨ ᠶᠣᠮ ᠪᠠᠢᠨ᠎ᠠ᠃
Original Literature No Original Paper
出自 中国蒙古学 2020年 第3期

联系我们


内蒙古大学图书馆
呼和浩特市大学西路235号
中国·内蒙古
P: (0471) 4992561
E: huangfeilong@imu.edu.cn