Paper Information


Title ᠬᠡᠯᠡᠨ ᠤ ᠬᠦᠮᠦᠨ ᠵᠦᠢ ᠶᠢᠨ ᠬᠠᠷᠠᠭ᠎ᠠ ᠡᠴᠡ ᠬᠤᠷᠴᠢᠨ ᠠᠮᠠᠨ ᠠᠶᠠᠯᠭᠤ ᠶᠢᠨ ᠣᠨᠴᠠᠭᠠᠢ ᠦᠭᠡᠰ ᠤᠨ ᠰᠣᠶᠣᠯ ᠤᠨ ᠤᠳᠬ ᠠ ᠵᠢ ᠰᠢᠨᠵᠢᠬᠦ ᠨᠢ
Creator ᠲᠡᠮᠦᠷᠬᠤᠶᠠᠭ
Keyword ᠬᠡᠯᠡᠨ ᠤ ᠬᠦᠮᠦᠨ ᠵᠦᠢ; ᠬᠤᠷᠴᠢᠨ ᠤ ᠣᠨᠴᠠᠭᠠᠢ ᠦᠭᠡᠰ ᠤᠨ ᠡᠭᠦᠰᠦᠯ; ᠰᠣᠶᠣᠯ ᠵᠠᠩᠰᠢᠯ ᠤᠨ ᠨᠦᠯᠦᠭᠡᠯᠡᠯ
Abstract ᠦᠭᠦᠯᠡᠯ ᠳ᠋ᠤ ᠬᠡᠯᠡᠨ ᠤ ᠬᠦᠮᠦᠨ ᠵᠦᠢ ᠶᠢᠨ ᠬᠠᠷᠠᠭ᠎ᠠ ᠡᠴᠡ ᠬᠤᠷᠴᠢᠨ ᠠᠮᠠᠨ ᠠᠶᠠᠯᠭᠤ ᠶᠢᠨ ᠣᠨᠴᠠᠭᠠᠢ ᠦᠭᠡᠰ ᠤᠨ ᠭᠤᠤᠯ ᠡᠭᠦᠰᠦᠯ ᠪᠠ ᠤᠳᠬ ᠠ ᠵᠢ ᠰᠢᠨᠵᠢᠯᠡᠵᠦ᠂ ᠬᠤᠷᠴᠢᠨ ᠠᠮᠠᠨ ᠠᠶᠠᠯᠭᠤ ᠶᠢᠨ ᠤᠨᠴᠭᠠᠢ ᠦᠭᠡᠰ ᠤᠨ ᠪᠦᠷᠢᠯᠳᠦᠭᠡᠨ ᠪᠠ ᠢᠷᠡᠯ ᠭᠠᠷᠤᠯ ᠢ ᠤᠵᠠᠭᠤᠷ ᠡᠷᠲᠡᠨ ᠤ ᠠᠮᠢᠳᠤᠷᠠᠯ᠂ ᠠᠷᠠᠳ ᠤᠨ ᠦᠯᠢᠭᠡᠷ ᠲᠤᠮᠤᠭ᠂ ᠱᠠᠰᠢᠨ ᠰᠢᠲᠦᠯᠭᠡ᠂ ᠰᠣᠶᠣᠯ ᠤᠨ ᠰᠣᠯᠢᠯᠴᠠᠭ᠎ᠠ ᠵᠡᠷᠭᠡ ᠬᠡᠳᠦᠨ ᠲᠠᠯ ᠠ ᠡᠴᠡ ᠲᠦᠷᠦᠯ ᠬᠤᠪᠢᠶᠠᠨ ᠠᠵᠢᠭᠯᠠᠭᠰᠠᠨ ᠪᠠ ᠬᠤᠷᠴᠢᠨ ᠠᠮᠠᠨᠠᠶᠠᠯᠭᠤ ᠶᠢᠨ ᠣᠨᠴᠠᠭᠠᠢ ᠦᠭᠡᠰ ᠢ ᠬᠤᠷᠴᠨ  ᠤ ᠨᠡᠢᠭᠡᠮ ᠲᠡᠦᠭᠡ ᠶᠢᠨ ᠬᠤᠪᠢᠰᠤᠯ ᠤᠨ ᠲᠠᠠᠭᠤ ᠪᠤᠢ ᠪᠤᠯᠤᠭᠰᠠᠨ ᠲᠡᠳᠦᠢ ᠦᠭᠡᠢ ᠲᠡᠷᠡ ᠨᠢ ᠬᠤᠷᠴᠢᠨ ᠤ ᠤᠷᠲᠤ ᠬᠤᠭᠤᠴᠠᠭᠠᠨ ᠤ ᠰᠣᠶᠣᠯ ᠤᠨ ᠰᠣᠯᠢᠯᠴᠠᠭ᠎ᠠ᠂ ᠠᠮᠢᠳᠤᠷᠠᠯ ᠤᠨ ᠠᠷᠭ᠎ᠠ ᠬᠡᠯᠪᠡᠷᠢ᠂ ᠰᠣᠶᠣᠯ ᠤᠨ ᠲᠤᠬᠢᠷᠠᠯᠴᠠᠯ ᠤᠨ ᠱᠠᠭᠠᠷᠳᠠᠯᠭ᠎ᠠ ᠪᠡᠷ ᠡᠭᠦᠰᠦᠭᠰᠡᠨ ᠨᠢᠭᠡ ᠵᠦᠢᠯ ᠤᠨ ᠨᠡᠢᠭᠡᠮ ᠰᠣᠶᠣᠯ ᠤᠨ ᠦᠵᠡᠭᠳᠡᠯ ᠪᠤᠯᠤᠨ᠎ᠠ ᠭᠡᠵᠦ ᠦᠵᠡᠪᠡ᠃ ᠬᠤᠷᠴᠢᠨ ᠠᠮᠠᠨ ᠠᠶᠠᠯᠭᠤ ᠵᠢ ᠰᠣᠳᠤᠯᠬᠤ ᠳ᠋ᠠᠭᠠᠨ ᠵᠦᠪᠬᠡᠨ ᠬᠡᠯᠡ ᠰᠢᠨᠵᠢᠯᠡᠯ ᠤᠨ ᠠᠷᠭ᠎ᠠ ᠳ᠋ᠤ ᠲᠦᠰᠢᠭᠯᠡᠭᠡᠳ ᠪᠤᠯᠬᠤ ᠪᠢᠰᠢ᠂ ᠨᠡᠩ ᠴᠢᠬᠤᠯᠠ ᠨᠢ ᠬᠡᠯᠡᠨ ᠤ ᠬᠦᠮᠦᠨ ᠵᠦᠢ᠂ ᠤᠭᠰᠠᠭᠠᠲᠠᠨ ᠵᠦᠢ᠂ ᠲᠡᠦᠭᠡ ᠶᠢᠨ ᠤᠬᠠᠭᠠᠨ ᠵᠡᠷᠭᠹᠡ ᠤᠯᠠᠨ ᠰᠢᠨᠵᠢᠯᠭᠡᠨ ᠤ ᠬᠠᠷᠠᠭ᠎ᠠ ᠡᠴᠡ ᠶᠡᠷᠦᠩᠬᠡᠢᠢᠯᠡᠨ ᠰᠣᠳᠤᠯᠪᠠᠯ ᠰᠠᠶᠢ ᠬᠠᠩᠭᠠᠮᠵᠢᠲᠠᠢ ᠦᠷ ᠠ ᠳ᠋ᠦᠩ ᠳ᠋ᠤ ᠬᠦᠷᠴᠦ ᠴᠢᠳᠠᠨ᠎ᠠ ᠭᠡᠬᠦ ᠦᠡᠵᠯᠲᠡ ᠵᠢ ᠲᠡᠪᠰᠢᠬᠦᠯᠪᠡ᠃
Original Literature View Original Paper
出自 内蒙古社会科学(蒙文版) 2020年 第2期

联系我们


内蒙古大学图书馆
呼和浩特市大学西路235号
中国·内蒙古
P: (0471) 4992561
E: huangfeilong@imu.edu.cn