Paper Information


Title ᠮᠣᠩᠭᠤᠯ ᠬᠡᠯᠡᠨ ᠤ 《 ᠵᠤᠭᠤᠰ》ᠭᠡᠬᠦ ᠦᠭᠡ ᠪᠠ ᠲᠡᠭᠨ ᠳ᠋ᠤ ᠬᠤᠯᠪᠤᠭᠳᠠᠬᠤ ᠵᠠᠷᠢᠮ ᠦᠭᠡᠰ ᠤᠨ ᠰᠢᠨᠵᠢᠯᠡᠭᠡ
Creator ᠭ᠊᠂ ᠬᠠᠢᠷᠬᠠᠨ
Keyword ᠮᠣᠩᠭᠤᠯ ᠬᠡᠯᠡ; ᠵᠤᠭᠤᠰ; ᠪᠤᠰᠤᠳ ᠦᠭᠡ
Abstract ᠮᠣᠩᠭᠤᠯᠴᠤᠳ ᠬᠡᠵᠢᠶ ᠡ ᠡᠴᠡ ᠵᠤᠭᠤᠰ ᠢ ᠲᠠᠸᠠᠷ ᠤᠨ ᠰᠣᠯᠢᠯᠴᠠᠭᠠᠨ ᠳ᠋ᠤ ᠬᠡᠷᠡᠭᠯᠡᠭᠰᠡᠨ ᠪᠠ ᠦᠪᠡᠷᠲᠡᠭᠡᠨ ᠵᠤᠭᠤᠰ ᠦᠢᠯᠡᠳᠴᠦ ᠪᠠᠢᠭᠰᠠᠨ ᠡᠰᠡᠬᠦ ᠲᠤᠬᠠᠢ ᠶᠠᠮᠠᠷ ᠪᠠᠷᠢᠮᠲᠠ ᠠᠯᠠᠭ᠎ᠠ᠃ ᠡᠷᠳᠡᠮᠲᠡᠳ ᠵᠤᠭᠤᠰ ᠤᠨ ᠲᠤᠬᠠᠢ ᠰᠣᠳᠤᠯᠭᠠᠨ ᠢ ᠦᠨᠰᠦᠰᠦᠡᠯᠡᠪᠡᠯ᠂ ᠡᠮᠦᠨᠡᠬᠢ ᠲᠦᠷᠦ ᠶᠢᠨ ᠵᠤᠭᠤᠰ ᠢ ᠬᠤᠢᠨᠠᠬᠢ ᠲᠦᠷᠦ ᠨᠢ ᠤᠯᠠᠮᠵᠢᠯᠠᠨ ᠬᠡᠷᠡᠭᠯᠡᠬᠦ ᠨᠢ ᠤᠯᠠᠨ ᠪᠠᠢᠭᠰᠠᠨ ᠶᠣᠮ᠃ ᠡᠭᠦᠨ ᠢᠢᠡᠷ ᠪᠠᠷᠠᠬᠤ ᠦᠭᠡᠢ ᠪᠠᠰᠠ ᠡᠷᠬᠢᠨ ᠬᠠᠪᠢ ᠶᠢᠨ ᠢᠢᠡᠨ ᠤᠯᠤᠰ ᠦᠨᠳᠦᠰᠦᠲᠡᠨ ᠤ ᠨᠦᠯᠦᠭᠡ ᠵᠢ ᠬᠦᠷᠲᠡᠳᠡᠭ ᠨᠢ ᠴᠦ ᠪᠠᠢᠩᠭᠤ ᠶᠢᠨ ᠦᠵᠡᠭᠳᠡᠯ ᠪᠠᠢᠵᠠᠢ᠃ ᠵᠤᠭᠤᠰ ᠤᠨ ᠬᠡᠯᠪᠡᠷᠢ ᠲᠦᠷᠰᠦ ᠪᠠ ᠤᠨᠴᠠᠯᠢᠭ ᠡᠴᠡ ᠤ ᠦᠨᠳᠦᠰᠦᠲᠡᠨ ᠤ ᠵᠠᠷᠮ ᠰᠣᠶᠣᠯ ᠤᠨ ᠵᠤᠷᠢᠭ ᠰᠠᠨᠠᠭ᠎ᠠ ᠵᠢ ᠤᠯᠵᠤ ᠬᠠᠷᠠᠬᠤ ᠪᠡᠷ ᠪᠠᠷᠠᠬᠤ ᠦᠭᠡᠢ᠂ ᠲᠡᠬᠦᠨ ᠤ ᠰᠣᠶᠣᠯ ᠤᠨ ᠰᠣᠨᠢᠯᠴᠠᠭᠠᠨ ᠡᠴᠡ ᠬᠦᠷᠲᠡᠭᠰᠡᠨ ᠬᠠᠷᠢ ᠰᠣᠶᠣᠯ ᠤᠨ ᠤᠯᠪᠠᠭ᠎ᠠ ᠵᠢ ᠴᠦ ᠵᠠᠷᠢᠮ ᠬᠡᠮᠵᠢᠶᠠᠨ ᠳ᠋ᠤ ᠮᠡᠳᠡᠵᠤ ᠪᠤᠯᠳᠠᠭ᠃ ᠵᠤᠭᠤᠰ ᠤᠨ ᠲᠡᠦᠭᠡ ᠵᠢ ᠬᠡᠯᠡᠨ ᠤ ᠮᠠᠲ᠋ᠸᠷᠢᠶᠠᠯ ᠢᠢᠡᠷ ᠪᠠᠷᠢᠮᠲᠠ ᠪᠤᠯᠭᠠᠨ ᠰᠢᠨᠵᠢᠯᠡᠬᠦ ᠪᠤᠯᠤᠮᠵᠢ ᠨᠢᠭᠡ ᠬᠡᠮᠵᠢᠶᠠᠨ ᠳ᠋ᠤ ᠪᠠᠢᠳᠠᠭ᠃ ᠲᠡᠭᠡᠬᠦ ᠳ᠋ᠤ ᠪᠠᠨ ᠬᠠᠭᠤᠴᠢ ᠰᠣᠳᠤᠯᠤᠯ᠂ᠲᠡᠦᠭᠡ ᠰᠣᠶᠣᠯ ᠤᠨ ᠰᠣᠯᠢᠯᠴᠭᠠᠨ ᠪᠠ ᠬᠡᠯᠡᠨ ᠤ ᠰᠣᠳᠤᠯᠭᠠᠨ ᠢ ᠨᠢᠭᠲᠠ ᠤᠶᠤᠯᠳᠤᠭᠤᠯᠬᠤ ᠬᠡᠷᠡᠭᠲᠡᠢ ᠶᠣᠮ᠃ ᠡᠨᠳᠡ ᠵᠦᠪᠬᠡᠨ ᠲᠤᠬᠠᠢ ᠶᠢᠨ ᠲᠡᠦᠭᠡ ᠰᠣᠶᠣᠯ ᠤᠨ ᠤᠷᠴᠢᠨ ᠳ᠋ᠤ ᠬᠡᠯᠡᠨ ᠤ ᠡᠭᠦᠳᠡᠨ ᠡᠴᠡ ᠮᠣᠩᠭᠤᠯ ᠬᠡᠯᠡᠨ ᠤ ᠵᠤᠭᠤᠰ ᠲᠤ ᠬᠤᠯᠪᠤᠭᠳᠠᠬᠤ ᠵᠠᠷᠢᠮ ᠦᠭᠡᠰ ᠤᠨ ᠭᠠᠷᠤᠯ ᠢᠷᠡᠯ ᠵᠢᠴᠢ ᠲᠡᠳᠡᠭᠡᠷ ᠤᠨ ᠰᠣᠶᠣᠯ ᠤᠨ ᠤᠳᠬ ᠠ ᠵᠢ ᠲᠤᠳᠤᠷᠠᠭᠤᠯᠬᠤ ᠵᠢ ᠵᠤᠷᠢᠪᠠ᠃
Original Literature View Original Paper
出自 内蒙古大学学报 2020年 第2期

联系我们


内蒙古大学图书馆
呼和浩特市大学西路235号
中国·内蒙古
P: (0471) 4992561
E: huangfeilong@imu.edu.cn