Paper Information


Title ᠮᠣᠩᠭᠤᠯ ᠰᠣᠨᠢᠨ ᠤ ᠰᠢᠨ᠎ᠠ ᠵᠠᠭᠤᠴᠢᠯᠠᠭᠤᠷ ᠲᠠᠢ ᠠᠭᠤᠰᠤᠯᠴᠠᠨ ᠬᠦᠭᠵᠢᠵᠦ ᠪᠠᠢᠭ᠎ᠠ ᠪᠠᠢᠳᠠᠯ ᠤᠨ ᠲᠤᠬᠠᠢ ᠰᠢᠨᠵᠢᠯᠡᠭᠡ
Creator ᠰᠢᠯᠢᠩᠭᠤᠤ ᠠ
Keyword ᠮᠣᠩᠭᠤᠯ ᠰᠣᠨᠢᠨ; ᠵᠠᠭᠤᠴᠢᠯᠠᠭᠤᠷ ᠤᠨ ᠠᠭᠤᠰᠤᠯᠴᠠᠯ;ᠲᠠᠪᠴᠠᠩᠴᠢᠯᠠᠭᠰᠠᠨ ᠵᠠᠭᠤᠴᠢᠯᠠᠭᠤᠷ; ᠤᠨᠤᠪᠴᠢᠲᠠᠢ ᠲᠠᠮᠵᠢᠭᠤᠯᠭ᠎ᠠ
Abstract ᠲᠤᠰ ᠦᠭᠦᠯᠡᠯ ᠳ᠋ᠤ ᠮᠣᠩᠭᠤᠯ ᠰᠣᠨᠢᠨ ᠤ ᠰᠢᠨ᠎ᠠ ᠵᠠᠭᠤᠴᠢᠯᠠᠭᠤᠷ ᠲᠠᠢ ᠠᠭᠤᠰᠤᠯᠴᠠᠨ ᠬᠦᠭᠵᠢᠵᠤ ᠪᠠᠢᠭ᠎ᠠ ᠪᠠᠢᠳᠠᠯ ᠤᠨ ᠲᠤᠬᠠᠢ ᠠᠵᠢᠭᠯᠠᠯᠲᠠ ᠬᠢᠭᠰᠡᠨ ᠰᠠᠭᠤᠷᠢᠨ ᠲᠡᠭᠡᠷ ᠠ᠂ ᠮᠣᠩᠭᠤᠯ ᠰᠣᠨᠢᠨ ᠢᠨᠲᠸᠷᠨᠧᠲ᠋ᠴᠢᠯᠠᠯ ᠢ ᠠᠩᠬ ᠠ ᠪᠡᠯᠡᠶᠯᠡᠬᠦᠯᠵᠦ᠂ ᠨᠡᠢᠭᠡᠮ ᠤᠨᠬᠠᠷᠢᠯᠴᠠᠭᠠᠨ ᠤ ᠵᠠᠭᠤᠴᠢᠯᠠᠭᠤᠷ ᠪᠠ ᠰᠢᠯᠵᠢᠶ ᠠ ᠪᠡᠷ ᠭᠤᠤᠯ ᠪᠤᠯᠭᠠᠭᠰᠠᠨ ᠨᠡᠭᠦᠳᠡᠯ ᠲᠠᠮᠵᠢᠭᠤᠯᠭ᠎ᠠ ᠶᠢᠨ ᠰᠢᠰᠲ᠋ᠸᠮ ᠢ ᠨᠢᠭᠡᠨᠲᠡ ᠪᠦᠷᠢᠯᠡᠳᠦᠭᠦᠯᠦᠭᠰᠡᠨ ᠪᠠᠢᠳᠠᠯ ᠳ᠋ᠤ᠂ᠲᠠᠷᠠᠭᠴᠠᠢ ᠶᠢᠨ ᠠᠯᠬᠤᠮ ᠳ᠋ᠤ ᠮᠣᠩᠭᠤᠯ ᠰᠣᠨᠢᠨ ᠬᠡᠡᠭᠯᠡᠭᠴᠢᠳ ᠢᠢᠡᠷ ᠲᠦᠪ ᠪᠤᠯᠭᠠᠬᠤ ᠢᠨᠲ᠋ᠸᠷᠨ᠋ᠸᠲ ᠤᠨ ᠰᠡᠳᠬᠢᠬᠦᠢ ᠵᠢ ᠪᠤᠢ ᠪᠤᠯᠭᠠᠨ᠂《 ᠵᠠᠰᠠᠭ ᠤᠨ ᠶᠠᠪᠤᠳᠠᠯ᠎+ ᠰᠣᠨᠢᠨ ᠮᠡᠳᠡᠭᠡ》 ᠭᠡᠬᠦ ᠬᠡᠯᠪᠡᠷᠢ  ᠶᠢᠨ ᠲᠠᠪᠴᠠᠩᠴᠢᠯᠠᠭᠰᠠᠨ ᠵᠠᠭᠴᠢᠯᠠᠭᠤᠷ ᠢ ᠪᠦᠲᠦᠭᠡᠨ ᠪᠠᠢᠭᠤᠯᠤᠨ᠂ ᠲᠤᠮᠤ᠂ ᠳ᠋ᠡᠢᠲ᠋ᠡ᠂ ᠲᠤᠭ᠎ᠠ ᠪᠤᠳᠤᠯᠭ᠎ᠠ ᠶᠢᠨ ᠮᠡᠷᠭᠡᠵᠢᠯ ᠢ ᠠᠰᠢᠭᠯᠠᠨ ᠤᠨᠤᠪᠴᠢᠲᠠᠢ ᠲᠠᠮᠵᠢᠭᠤᠯᠭ᠎ᠠ ᠬᠢᠵᠦ᠂ ᠪᠠᠭ᠎ᠠ ᠬᠡᠪᠴᠢᠶᠠᠨ ᠳ᠋ᠤ ᠵᠠᠬ ᠠ ᠲᠡᠯᠭᠡᠭᠦᠷᠴᠢᠯᠡᠬᠦ ᠵᠢ ᠲᠤᠷᠰᠢᠨ ᠤᠷᠤᠯᠭ᠎ᠠ ᠤᠯᠬᠤ ᠠᠷᠭ᠎ᠠ ᠪᠡᠷ ᠵᠠᠭᠤᠴᠢᠯᠠᠭᠤᠷ ᠤᠨ ᠬᠦᠨᠵᠡᠭᠡᠢ ᠠᠤᠰᠤᠯᠴᠠᠯ ᠢ ᠠᠬᠢᠭᠤᠯᠵᠤ ᠪᠤᠯᠤᠨ᠎ᠠ ᠭᠡᠰᠡᠨ ᠦᠵᠡᠯᠲᠡ ᠵᠢ ᠲᠡᠪᠰᠢᠭᠦᠯᠪᠡ᠃
Original Literature View Original Paper
出自 内蒙古大学学报 2020年 第1期

联系我们


内蒙古大学图书馆
呼和浩特市大学西路235号
中国·内蒙古
P: (0471) 4992561
E: huangfeilong@imu.edu.cn