Paper Information


Title ᠳ᠋ᠸᠪᠠᠵᠠᠨ ᠤ ᠡᠯᠴᠢ ᠶᠢᠨ ᠵᠦᠩ ᠮᠡᠳᠡᠷᠡᠬᠦᠢ- ᠬᠠᠢ ᠽᠢ ᠬᠢᠭᠡᠳ ᠴᠢᠯᠠᠭᠤᠨᠪᠠᠭᠠᠲᠤᠷ ᠤᠨ ᠰᠢᠯᠦᠭ ᠲᠤᠭᠤᠷᠪᠢᠯ ᠢ ᠬᠠᠷᠢᠴᠠᠭᠤᠯᠤᠨ ᠰᠢᠨᠵᠢᠯᠡᠬᠦ ᠨᠢ
Creator ᠺᠠᠨ ᠬᠠᠢ ᠶᠢᠩ
Keyword ᠬᠠᠢ ᠽᠢ; ᠯ᠂ ᠴᠢᠯᠠᠭᠤᠨᠪᠠᠭᠠᠲᠤᠷ᠋ ᠬᠠᠷᠠᠩᠭᠤᠢ; ᠦᠬᠦᠯ; ᠰᠠᠨᠠᠭ᠎ᠠ ᠲᠦᠷᠢ
Abstract ᠲᠤᠮᠳᠠᠳ ᠤᠯᠤᠰ ᠤᠨ ᠤᠳᠤ ᠦᠶ ᠠ ᠶᠢᠨ ᠢᠷᠠᠭᠤ ᠨᠠᠢᠷᠠᠭ ᠤᠨ ᠲᠡᠦᠭᠡᠨ ᠳ᠋ᠤ ᠬᠢ ᠬᠠᠢ ᠽᠢ ᠪᠤᠯ ᠡᠷᠬᠢᠮᠰᠦᠭ ᠴᠣᠯᠭᠤᠢ ᠪᠦᠭᠡᠳ ᠴᠦᠭᠡᠨ ᠲᠤᠬᠢᠶᠠᠯᠳᠤᠬᠤ ᠤᠶᠠᠩᠭᠠᠯᠠᠬᠤᠢ ᠦᠵᠡᠯ ᠤᠨ ᠢᠷᠠᠭᠤ ᠨᠠᠢᠷᠠᠭᠴᠢ ᠮᠦᠨ᠃ ᠤᠳᠤ ᠦᠶ ᠡ ᠶᠢᠨ ᠰᠢᠯᠦᠭ ᠤᠨ ᠲᠠᠪᠴᠠᠩ ᠳ᠋ᠤ ᠲᠤᠮᠤᠭ ᠢ ᠡᠭᠦᠳᠦᠭᠰᠡᠨ ᠢᠷᠠᠭᠤ ᠨᠠᠢᠷᠠᠭᠴᠢ ᠬᠠᠢ ᠽᠢ ᠬᠢᠭᠡᠳ ᠲᠷᠡᠭᠡᠷ ᠠ ᠵᠠᠭᠤᠨ ᠤ 80ᠭᠠᠳ ᠣᠨ ᠳ᠋ᠤ ᠰᠢᠯᠦᠭ ᠲᠤᠭᠤᠷᠪᠢᠵᠦ᠂ ᠣᠩᠰᠢᠭᠴᠢᠳ ᠤᠨ ᠬᠠᠯᠠᠭᠤᠨ ᠪᠠᠬᠠᠷᠬᠠᠯ ᠢ ᠬᠦᠷᠲᠡᠭᠰᠡᠨ ᠯ᠂ ᠴᠢᠯᠠᠭᠤᠨᠪᠠᠭᠠᠲᠤᠷ ᠤᠼᠨ ᠰᠢᠯᠦᠭ ᠲᠤᠭᠤᠷᠪᠢᠯ ᠳ᠋ᠤ ᠬᠠᠷᠠᠩᠭᠤᠢ ᠡᠭᠡᠨᠡᠭᠰᠢᠬᠦ᠂ ᠭᠠᠭᠴᠠᠭᠠᠷᠳᠠᠯ ᠢ ᠡᠷᠬᠦᠮᠯᠡᠬᠦ ᠦᠵᠡᠯ ᠰᠡᠳᠬᠢᠯᠭᠡᠨ ᠤ ᠣᠨᠴᠠᠯᠢᠭ ᠲᠠᠢ ᠪᠠᠢᠵᠤ᠂ ᠦᠬᠦᠯ ᠮᠦᠬᠦᠯ ᠢ ᠲᠡᠭᠡᠳᠦᠯᠡᠬᠦ᠂ ᠴᠢᠰᠤ ᠨᠦᠵᠢ ᠪᠦᠬᠦᠢ ᠬᠦᠴᠦᠷᠭᠡᠭᠯᠡᠯ ᠤᠨ ᠲᠤᠬᠠᠢ ᠲᠦᠷᠰᠦᠯᠡᠯ  ᠤᠳ ᠢᠯᠡᠷᠭᠡᠢ ᠲᠤᠳᠤᠷᠠᠵᠤ᠂ ᠬᠤᠷᠴᠠ ᠴᠢᠩᠭ᠎ᠠ《 ᠨᠠᠷᠠ》 ᠵᠢ ᠬᠦᠨᠳᠦᠳᠭᠡᠨ᠂《 ᠭᠠᠯ》 ᠢ ᠲᠡᠭᠡᠳᠦᠯᠡᠬᠦ ᠦᠵᠡᠯ ᠰᠡᠳᠬᠢᠯᠭᠡ ᠲᠠᠢ ᠪᠠᠢᠳᠠᠭ᠃ ᠬᠠᠢ ᠽᠢ ᠷᠤᠮᠠᠨᠲ᠋ᠢᠭ ᠦᠵᠡᠯ ᠤᠨ ᠢᠷᠠᠭᠤ ᠨᠠᠢᠷᠠᠭᠴᠢ ᠪᠠᠢᠭᠰᠠᠨ ᠪᠤᠯ ᠯ᠂ ᠴᠢᠯᠠᠭᠤᠨᠪᠭᠠᠭᠲᠤᠷ ᠤᠨ ᠰᠢᠯᠦᠭ ᠰᠣᠨᠤᠷ ᠤᠨ ᠰᠢᠨᠵᠢ ᠵᠢ ᠲᠤᠢᠯᠰᠢᠷᠠᠭᠤᠯᠤᠭᠰᠠᠨ ᠤᠶᠠᠩᠭᠠᠯᠠᠯ ᠢ ᠪᠠᠷᠢᠮᠲᠠᠯᠠᠨ᠂ ᠮᠣᠩᠭᠤᠯ ᠰᠢᠯᠦᠭ ᠲᠤ ᠰᠢᠮᠫᠤᠨᠢ ᠪᠦᠲᠦᠭᠡᠬᠦ ᠪᠡᠷ ᠰᠠᠨᠠᠭᠠᠴᠢᠯᠠᠭᠰᠠᠨ  ᠤ ᠵᠡᠷᠭᠡᠴᠡᠭᠡ ᠮᠦᠨ ᠲᠤᠷᠰᠢᠵᠤ ᠦᠩᠭᠡᠷᠡᠵᠡᠢ᠂ ᠡᠢᠵᠡᠮ ᠬᠡᠮᠨᠡᠯ ᠤᠨ ᠲᠠᠯ ᠠ ᠪᠡᠷ᠂ ᠲᠡᠭᠦᠨ ᠤ ᠰᠢᠯᠦᠭ ᠲᠤ ᠶᠢᠰᠦᠳᠦᠭᠡᠷ ᠨᠠᠢᠷᠠᠯ ᠬᠦᠭᠵᠢᠮ ᠤᠨ ᠰᠢᠮ ᠠ ᠠᠶ ᠠ ᠴᠣᠣᠷᠢᠶᠠᠳᠤᠵᠤ ᠪᠠᠢᠭ᠎ᠠ ᠨᠢ ᠬᠠᠢ ᠽᠢ ᠶᠢᠨ ᠰᠢᠯᠦᠭ ᠡᠴᠡ ᠣᠨᠴᠠᠯᠢᠭᠳᠠᠨ ᠢᠯᠠᠭᠠᠷᠠᠵᠤ ᠪᠠᠢᠳᠠᠭ᠃
Original Literature View Original Paper
出自 内蒙古大学学报 2020年 第1期

联系我们


内蒙古大学图书馆
呼和浩特市大学西路235号
中国·内蒙古
P: (0471) 4992561
E: huangfeilong@imu.edu.cn