Abstract |
ᠨᠢᠭᠡᠨ ᠬᠦᠮᠦᠨ ᠦᠪᠡᠷ ᠤᠨ ᠤᠶᠤᠨ ᠪᠢᠯᠢᠭ ᠢᠢᠡᠨ ᠭᠡᠭᠡᠷᠡᠬᠦᠯᠵᠦ᠂ ᠰᠡᠳᠬᠢᠯ ᠢᠢᠡᠨ ᠡᠨᠡᠷᠢᠩᠬᠦᠢ ᠪᠤᠯᠭᠠᠨ᠂ ᠬᠡᠪ ᠪᠤᠯᠪᠠᠰᠤᠷᠠᠯ ᠢᠢᠡᠨ ᠲᠡᠭᠡᠭᠰᠢᠯᠡᠬᠦᠯᠵᠦ᠂ ᠪᠡᠶ ᠠ ᠰᠡᠳᠬᠢᠯ ᠤᠨ ᠡᠶ ᠠ ᠵᠤᠬᠢᠴᠠᠯ ᠢ ᠬᠢᠴᠢᠶᠡᠨ ᠪᠡᠶᠡᠯᠡᠬᠦᠯᠵᠦ᠂ ᠦᠪᠡᠷ ᠤᠨ ᠪᠡᠶ ᠠ ᠪᠠᠨ ᠲᠠᠰᠤᠷᠠᠯᠲᠠ ᠦᠭᠡᠢ ᠬᠦᠮᠦᠵᠢᠬᠦᠯᠵᠦ ᠴᠢᠳᠠᠬᠤ ᠭᠡᠭᠴᠢ ᠮᠠᠰᠢ ᠴᠢᠬᠤᠯᠠ ᠪᠠᠢᠳᠠᠭ᠃ ᠦᠭᠦᠯᠡᠯ ᠳ᠋ᠤ ᠵᠦᠢᠷ ᠰᠡᠴᠡᠨ ᠦᠭᠡᠨ ᠡᠴᠡ ᠮᠣᠩᠭᠤᠯᠴᠤᠳ ᠤᠨᠪᠡᠶ ᠠ ᠰᠡᠳᠬᠢᠯ ᠤᠨ ᠡᠶ ᠠ ᠵᠤᠬᠢᠴᠠᠯ ᠢ ᠪᠡᠶᠡᠯᠡᠬᠦᠯᠬᠦ ᠳ᠋ᠡᠭᠡᠨ ᠰᠡᠳᠬᠢᠯ ᠠᠷᠢᠭᠤᠨ᠂ᠦᠨᠡᠨᠴᠢ ᠰᠢᠳᠤᠷᠭᠤ ᠪᠠᠢᠬᠤ ᠵᠢ ᠡᠷᠬᠢᠮᠯᠡᠨ ᠲᠡᠭᠡᠳᠦᠯᠡᠳᠡᠭ ᠦᠵᠡᠯᠲᠡ ᠵᠢ ᠬᠠᠢᠨ ᠰᠢᠨᠵᠢᠯᠡᠬᠦ ᠶᠢᠨ ᠲᠠᠭᠤ ᠪᠡᠶ ᠠ ᠰᠡᠳᠬᠢᠯ ᠤᠨ ᠡᠶ ᠠ ᠵᠤᠬᠢᠴᠠᠯ ᠢ ᠪᠡᠶᠡᠯᠡᠬᠦᠯᠬᠦ ᠳ᠋ᠤ ᠬᠠᠷᠰᠢ ᠰᠠᠭᠠᠳ ᠪᠤᠯᠵᠤ ᠪᠠᠢᠭ᠎ᠠ ᠬᠦᠮᠦᠰ ᠤᠨ ᠠᠲᠠᠭ᠎ᠠ ᠵᠢᠲᠦᠭᠡ᠂ ᠬᠤᠷᠤᠨ ᠰᠠᠨᠠᠭ᠎ᠠ᠂ ᠠᠭᠤᠷ ᠬᠢᠯᠢᠩ᠂ ᠬᠤᠲᠠᠯ ᠬᠠᠭᠤᠷᠮᠠᠭ ᠶᠢᠨ ᠬᠤᠤᠷ ᠬᠦᠨᠦᠭᠡᠯ ᠢ ᠦᠭᠦᠯᠡᠵᠡᠢ᠃ |