Title |
ᠲᠤᠮᠳᠠᠳᠤ ᠤᠯᠤᠰ ᠤᠨ 《ᠵᠠᠩᠭᠠᠷ》 ᠰᠣᠳᠤᠯᠤᠯ ᠤᠨ ᠰᠢᠨ᠎ᠠ ᠠᠮᠵᠢᠯᠲᠠ-ᠳ᠂ᠲᠠᠶᠠ ᠶᠢᠨ 《ᠵᠠᠩᠭᠠᠷᠴᠢ ᠶᠢᠨ ᠰᠣᠳᠤᠯᠤᠯ》ᠭᠡᠬᠦ ᠰᠢᠨ᠎ᠠ ᠪᠦᠲᠦᠭᠡᠯ ᠤᠨ ᠲᠤᠭᠤᠷᠢᠨ ᠳ᠋ᠤ |
Creator |
ᠪᠤᠷᠵᠢᠬᠢᠨ ᠨ᠂ ᠤᠷᠲᠤᠨᠠᠰᠤᠲᠤ |
Keyword |
《 ᠵᠠᠩᠭᠠᠷᠴᠢ ᠶᠢᠨ ᠰᠣᠳᠤᠯᠤᠯ》; ᠳ ᠲᠠᠶᠠ; ᠰᠢᠨ᠎ᠠ ᠠᠮᠵᠢᠯᠲᠠ |
Abstract |
《ᠵᠠᠩᠭᠠᠷ》ᠰᠣᠳᠤᠯᠤᠯ ᠪᠤᠯ ᠲᠡᠯᠡᠭᠡᠢᠢᠴᠢ ᠴᠢᠨᠠᠷ ᠲᠠᠢ ᠰᠣᠳᠤᠯᠭᠠᠨ ᠤ ᠰᠡᠳᠦᠪ ᠶᠣᠮ᠃ ᠤᠷᠤᠰ᠂ ᠮᠣᠩᠭᠤᠯ᠂ ᠶᠠᠫᠤᠨ᠂ ᠲᠤᠮᠳᠠᠳᠤ ᠤᠯᠤᠰᠲᠢ 《ᠵᠠᠩᠭᠠᠷ》ᠰᠣᠳᠤᠯᠤᠯ ᠨᠥ ᠨᠡᠯᠢᠶᠡᠳ ᠢᠳᠡᠪᠬᠢᠲᠡᠢ ᠪᠡᠷ ᠶᠠᠪᠤᠭᠳᠠᠵᠤ ᠪᠠᠢᠭ᠎ᠠ ᠶᠣᠮ᠃ ᠳ᠂ ᠲᠠᠶᠠ ᠲᠤᠮᠳᠠᠳᠤ ᠤᠯᠤᠰ ᠲᠡᠬᠢ 《ᠵᠠᠩᠭᠠᠷ》 ᠰᠣᠳᠤᠯᠤᠯ ᠤᠨ ᠬᠠᠭᠠᠰ ᠵᠠᠭᠤᠨ ᠵᠢᠯ ᠤᠨ ᠲᠤᠷᠰᠢᠬᠢ ᠤᠯᠤᠯᠲᠠ ᠠᠮᠵᠢᠯᠲᠠ ᠵᠢ ᠳ᠋ᠦᠩᠨᠡᠵᠦ᠂ᠰᠣᠳᠤᠯᠭᠠᠨ ᠤ ᠠᠷᠭ᠎ᠠ ᠤᠨᠤᠯ ᠤᠨ ᠲᠠᠯ ᠠ ᠪᠡᠷ ᠤᠷᠤᠰᠢᠵᠤ ᠪᠠᠢᠭ᠎ᠠ ᠠᠰᠠᠭᠤᠳᠠᠯ ᠢ ᠮᠠᠰᠢ ᠨᠠᠷᠢᠯᠢᠭ ᠰᠢᠨᠵᠢᠯᠡᠬᠦ ᠤᠬᠠᠭᠠᠨ ᠤ ᠲᠤᠭ᠎ᠠ ᠪᠠᠷᠢᠮᠲᠠ ᠲᠠᠢ ᠪᠡᠷ ᠲᠤᠷᠠᠳᠤᠨ ᠭᠠᠷᠭᠠᠵᠠᠢ᠃《ᠵᠠᠩᠭᠠᠷᠴᠢ ᠶᠢᠨ ᠰᠣᠳᠤᠯᠤᠯ》ᠭᠡᠬᠦ ᠪᠦᠲᠦᠭᠡᠯ ᠳ᠋ᠤ ᠤᠷᠠᠨ ᠵᠣᠬᠢᠶᠠᠯ ᠤᠨ ᠬᠦᠮᠦᠨ ᠰᠣᠳᠤᠯᠤᠯ ᠪᠤᠯᠤᠨ ᠤᠭᠰᠠᠭᠠᠲᠠᠨ ᠤ ᠤᠢᠯᠠᠯᠭ᠎ᠠ ᠶᠢᠨ ᠰᠢᠦᠯᠦᠭ ᠵᠦᠢ ᠶᠢᠨ ᠠᠷᠭ᠎ᠠ ᠤᠨᠤᠯ ᠬᠦᠨ ᠨᠡᠪᠴᠢᠵᠤ ᠪᠠᠢᠭ᠎ᠠ ᠨᠢ ᠲᠤᠰ ᠪᠦᠲᠦᠭᠡᠯ ᠤᠨ ᠢᠯᠡᠷᠭᠡᠢ ᠠᠮᠵᠢᠯᠲᠠ ᠳ᠋ᠤ ᠬᠦᠴᠷᠦ ᠴᠢᠳᠠᠭᠰᠠᠨ ᠤ ᠨᠢᠭᠡᠨ ᠲᠠᠪᠠᠭᠤᠯᠢᠭ ᠲᠠᠯ ᠠ ᠪᠤᠯᠤᠨ᠎ᠠ᠃ |
Original Literature |
View Original Paper
|
出自 |
中国蒙古学
2020年
第1期
|