Title |
ᠰᠢᠨᠵᠢᠶᠠᠩ ᠤᠨ ᠵᠢᠨ ᠰᠢᠶᠠᠨ ᠤ 《ᠵᠠᠩᠭᠠᠷ》 ᠤᠨ ᠤᠯᠠᠮᠵᠢᠯᠠᠯ ᠤᠨ ᠣᠳᠤᠬᠢ ᠪᠠᠢᠳᠠᠯ-《 ᠵᠠᠩᠭᠠᠷ》 ᠤᠨ ᠬᠡᠬᠡᠷ ᠠ ᠶᠢᠨ ᠰᠢᠨᠵᠢᠯᠡᠭᠡᠨ ᠤ ᠵᠢᠱᠢᠶᠡᠨ ᠲᠡᠭᠡᠷ ᠠ |
Creator |
ᠦᠵᠢᠨ |
Keyword |
《 ᠵᠠᠩᠭᠠᠷ》; ᠵᠠᠩᠭᠠᠷᠴᠢ; ᠰᠢᠨᠵᠢᠶᠠᠩ ᠤᠨ ᠵᠢᠩ ᠰᠢᠶᠠᠨ; ᠤᠯᠠᠮᠵᠢᠯᠠᠯ |
Abstract |
ᠦᠪᠦᠷ ᠮᠣᠩᠭᠤᠯ ᠤᠨ ᠶᠡᠬᠡ ᠰᠤᠷᠭᠠᠭᠤᠯᠢ ᠶᠢᠨ《ᠵᠠᠩᠭᠠᠷ》 ᠰᠣᠳᠤᠯᠤᠯ ᠤᠨ ᠲᠦᠪ ᠡᠴᠡ ᠰᠢᠨᠵᠢᠶᠠᠩ ᠳ᠋ᠤ ᠬᠦᠷᠴᠦ ᠬᠡᠭᠡᠷ ᠠ ᠶᠢᠨ ᠰᠢᠨᠵᠢᠯᠡᠭᠡᠨ ᠬᠢᠵᠦ ᠤᠯᠤᠭᠰᠠᠨ ᠮᠠᠲ᠋ᠸᠷᠢᠶᠠᠯ ᠬᠢᠭᠡᠳ ᠡᠮᠦᠨᠡᠬᠢ ᠬᠠᠮᠢᠶ ᠠ ᠪᠦᠬᠦᠢ ᠮᠠᠲ᠋ᠸᠷᠢᠶᠠᠯ ᠳ᠋ᠤ ᠰᠠᠭᠤᠷᠢᠯᠠᠵᠤ᠂ ᠰᠢᠨᠵᠢᠶᠠᠩ ᠤᠨ ᠵᠢᠩ ᠰᠢᠶᠠᠨ ᠳ᠋ᠡᠬᠢ《ᠵᠠᠩᠭᠠᠷ》 ᠤᠨ ᠤᠯᠠᠮᠵᠢᠯᠠᠯ ᠤᠨ ᠪᠠᠢᠳᠠᠯ ᠢ ᠵᠠᠩᠭᠠᠷᠴᠢ ᠶᠢᠨ ᠨᠠᠮᠲᠠᠷ᠂ 《ᠵᠠᠩᠭᠠᠷ》 ᠤᠨ ᠨᠦᠬᠡᠴᠡ ᠵᠢᠴᠢ ᠴᠤᠭᠯᠠᠭᠤᠯᠭ᠎ᠠ᠂ 《ᠵᠠᠩᠭᠠᠷ》ᠬᠠᠢᠯᠠᠬᠤ ᠤᠡᠷ ᠠ ᠮᠡᠷᠭᠡᠵᠢᠯ ᠬᠢᠭᠡᠳ 《ᠵᠠᠩᠭᠠᠷ》 ᠤᠨ ᠤᠯᠠᠮᠵᠢᠯᠠᠯ ᠤᠨᠦᠩᠭᠡᠷᠡᠭᠰᠡᠨ ᠤᠳᠤ ᠶᠢᠨ ᠬᠠᠷᠢᠴᠠᠭᠤᠯᠤᠯ ᠵᠡᠷᠭᠡ ᠲᠦᠷᠪᠡᠨ ᠲᠠᠯ ᠠ ᠡᠴᠡ ᠰᠢᠨᠵᠢᠯᠡᠨ ᠰᠣᠳᠤᠯᠵᠤ᠂ ᠲᠤᠰ ᠭᠠᠵᠠᠷ ᠤᠷᠤᠨ ᠤ 《ᠵᠠᠩᠭᠠᠷ》 ᠤᠨ ᠤᠯᠠᠮᠵᠢᠯᠠᠯ ᠤᠨ ᠤᠳᠤᠬᠢ ᠪᠠᠢᠳᠠᠯ ᠳ᠋ᠤ《 ᠵᠠᠩᠭᠠᠷ》 ᠤᠨ ᠨᠦᠬᠡᠴᠡ ᠶᠢᠨ ᠬᠠᠮᠰᠠᠳᠠᠯ᠂ ᠵᠠᠩᠭᠠᠷᠴᠢᠳ ᠤᠨ ᠡᠩᠨᠡᠭᠡᠨ ᠤ ᠢᠪᠴᠤᠤᠷᠠᠯ᠂ ᠵᠠᠩᠭᠠᠷᠴᠢ ᠶᠢᠨ 《ᠵᠠᠩᠭᠠᠷ》ᠬᠠᠢᠯᠠᠯᠭ᠎ᠠ ᠶᠢᠨ ᠤᠷ ᠠ ᠮᠡᠷᠭᠡᠵᠢᠯ ᠤᠨ ᠪᠠᠭᠤᠷᠠᠯ᠂ 《ᠵᠠᠩᠠᠷ》 ᠤᠨ ᠲᠤᠬᠠᠢ ᠦᠵᠡᠯᠲᠡ ᠲᠠᠨᠢᠯᠲᠠ ᠶᠢᠨ ᠴᠣᠯᠭᠤᠢᠷᠠᠯ ᠵᠡᠷᠭᠡ ᠠᠰᠠᠭᠤᠳᠠᠯ ᠤᠷᠤᠰᠢᠵᠤ ᠪᠠᠢᠬᠤ ᠵᠢ ᠤᠯᠵᠤ ᠮᠡᠳᠡᠵᠡᠢ᠃ |
Original Literature |
View Original Paper
|
出自 |
中国蒙古学
2020年
第1期
|