Paper Information


Title 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ 《ᠦᠬᠦᠬᠦ》᠋ ᠶᠢ ᠵᠢᠭᠠᠭᠰᠠᠨ ᠬᠤᠶᠠᠷ ᠦᠪᠡᠷᠮᠢᠴᠡ ᠬᠡᠯᠡᠯᠭᠡ ᠶᠢ ᠰᠢᠨᠵᠢᠯᠡᠬᠦ ᠨᠢ
Creator ᠪᠦᠷᠢᠨᠪᠠᠲᠤ
Keyword
Abstract ᠲᠤᠰ ᠦᠭᠦᠯᠡᠯ ᠳᠦ ᠂ 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ ᠬᠤᠶᠠᠷ ᠦᠪᠡᠷᠮᠢᠴᠡ ᠬᠡᠯᠡᠯᠭᠡ ᠶᠢ ᠵᠠᠳᠠᠯᠤᠨ ᠰᠢᠨᠵᠢᠯᠡᠭᠰᠡᠨ ᠪᠠᠢ᠌ᠨ᠎ᠠ᠃ ᠨᠢᠭᠡᠳᠦᠭᠡᠷ ᠲᠦ᠂ 《ᠴᠠᠭᠠᠨ᠎ᠠ ᠴᠠᠴᠠᠪᠠᠰᠤ᠂ ᠬᠠᠷ᠎ᠠ ᠳᠠ ᠬᠠᠬᠠᠪᠠᠰᠤ》ᠭᠡᠳᠡᠭ ᠪᠤᠯ 《ᠦᠬᠦᠬᠦ》ᠭᠡᠳᠡᠭ ᠤᠳᠬ᠎ᠠ ᠶᠢ ᠦᠵᠡᠭᠦᠯᠦᠭᠰᠡᠨ ᠦᠪᠡᠷᠮᠢᠴᠡ ᠬᠡᠯᠡᠯᠭᠡ ᠪᠤᠯᠬᠤ ᠶᠤᠮ ᠭᠡᠵᠦ ᠪᠠᠲᠤᠯᠠᠨ ᠦᠭᠦᠯᠡᠭᠰᠡᠨ ᠦ ᠬᠠᠮᠲᠤ ᠮᠣᠩ᠋ᠭᠤᠯᠴᠤᠳ ᠤᠨ ᠵᠠᠩ ᠦᠢᠯᠡ᠂ ᠠᠮᠢᠳᠤᠷᠠᠯ ᠠᠬᠤᠢ᠂ ᠰᠤᠶᠤᠯ ᠲᠡᠦᠬᠡ ᠶᠢᠨ ᠬᠤᠯᠪᠤᠭᠳᠠᠯ ᠠᠴᠠ ᠢᠷᠡᠯ ᠭᠠᠷᠤᠯ ᠤᠨ ᠬᠢᠨᠢ ᠲᠤᠬᠠᠢ ᠤᠬᠤᠴᠢᠯᠠᠨ ᠰᠢᠨᠵᠢᠯᠡᠵᠡᠢ᠃ ᠬᠤᠶᠠᠳᠤᠭᠠᠷ ᠲᠤ᠂ 《ᠨᠡᠭᠦᠯᠡ ᠮᠡᠲᠦ ᠪᠡᠶ᠎ᠡ ᠴᠢᠨᠦ ᠨᠡᠭᠦᠰ ᠤᠳᠤᠪᠠᠰᠤ᠂ ᠨᠡᠳᠭᠡᠯ ᠮᠡᠲᠦ ᠤᠯᠤᠰ ᠴᠢᠨᠦ ᠭᠡᠨ᠎ᠡ ᠮᠡᠳᠡᠭᠦᠯᠭᠦᠨ᠍!···· 》ᠭᠡᠬᠦ ᠦᠪᠡᠷᠮᠢᠴᠡ ᠬᠡᠯᠡᠯᠭᠡ ᠳᠡᠬᠢ ᠵᠦᠢᠷᠯᠡᠭᠦᠨ ᠪᠤᠯᠤᠭᠰᠠᠨ ᠦᠭᠡᠰ ᠨᠢ ᠶᠡᠷᠦᠩᠬᠡᠢ ᠳᠡᠭᠡᠨ ᠮᠤᠳᠤ ᠪᠠ ᠰᠢᠪᠠᠭᠤ ᠲᠠᠢ ᠯᠠ ᠬᠤᠯᠪᠤᠭ᠎ᠠ ᠲᠠᠢ ᠪᠠᠢ᠌ᠵᠤ᠂ ᠪᠦᠬᠦᠢ᠌ᠯᠡ ᠬᠡᠯᠡᠯᠭᠡ ᠪᠤᠯ ᠮᠤᠳᠤ ᠪᠠ ᠮᠤᠳᠤᠨ᠎ᠠ ᠣᠷᠤᠰᠢᠭᠴᠢ ᠰᠢᠪᠠᠭᠤᠨ ᠤ ᠰᠢᠲᠦᠯᠴᠡᠬᠦ ᠬᠠᠷᠢᠴᠠᠭ᠎ᠠ — ᠮᠤᠳᠤ ᠰᠢᠪᠠᠭᠤᠨ ᠤ ᠪᠠᠷᠢᠯᠳᠤᠯᠭ᠎ᠠ ᠪᠠᠷ ᠵᠦᠢᠷᠯᠡᠵᠦ ᠪᠤᠯᠪᠠᠰᠤᠷᠠᠭᠤᠯᠤᠭᠰᠠᠨ ᠤᠷᠠᠨ ᠬᠠᠪᠤᠯᠢᠭ ᠢᠯᠡᠳᠭᠡᠮᠵᠢ ᠪᠤᠯᠬᠤ ᠶᠤᠮ ᠭᠡᠳᠡᠭ ᠦᠵᠡᠯᠲᠡ ᠶᠢ ᠳᠡᠪᠰᠢᠭᠦᠯᠵᠡᠢ᠃
Original Literature No Original Paper
出自 内蒙古大学学报 1995年 第1期

联系我们


内蒙古大学图书馆
呼和浩特市大学西路235号
中国·内蒙古
P: (0471) 4992561
E: huangfeilong@imu.edu.cn