Paper Information


Title ᠴᠢᠩ ᠤᠯᠤᠰ ᠤᠨ ᠰᠡᠭᠦᠯᠴᠢ ᠶᠢᠨ ᠤᠷᠳᠤᠰ ᠤᠷᠤᠨ ᠤ ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨᠪᠦᠷᠢᠯᠳᠦᠭᠰᠡᠨ ᠶᠠᠪᠤᠴᠠ ᠶᠢᠨ ᠲᠤᠬᠠᠢ ᠬᠠᠢᠨ ᠰᠢᠨᠵᠢᠯᠡᠬᠦ ᠨᠢ
Creator ᠮᠸᠢ ᠷᠦᠩ
Keyword ᠤᠷᠲᠤᠰ ᠤᠷᠤᠨ; ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨ; ᠪᠦᠷᠢᠯᠳᠦᠭᠰᠡᠨ ᠶᠠᠪᠤᠴᠠ
Abstract ᠬᠠᠷ ᠠ ᠲᠠᠮᠠᠬᠢ ᠶᠢᠨᠲ ᠠᠢᠨ ᠤ ᠲᠠᠷᠠᠭ᠎ᠠ᠂ ᠦᠷᠦᠨᠡᠳᠡᠬᠢᠨ ᠤ ᠬᠦᠴᠦᠷᠭᠡᠭ ᠤᠯᠤᠰ ᠤᠳ ᠨᠢ ᠴᠢᠩ ᠤᠤᠯᠰ ᠲᠠᠢ ᠤᠯᠠᠨ ᠲᠡᠭᠰᠢ ᠪᠤᠰᠤ ᠭᠡᠷ ᠠ ᠲᠤᠭᠲᠠᠭᠠᠬᠤ ᠪᠡᠷ ᠲᠠᠮᠵᠢᠨ ᠲᠤᠮᠳᠠᠳᠤ ᠤᠯᠤᠰ ᠲᠤ ᠴᠢᠯᠦᠭᠡᠲᠡᠢ ᠪᠡᠷ ᠱᠠᠰᠢᠨ ᠲᠡᠯᠭᠡᠷᠡᠬᠦᠯᠬᠦ ᠣᠨᠴᠠ ᠡᠷᠭᠡ ᠤᠯᠵᠠᠢ᠂ ᠡᠭᠦᠨᠴᠡ ᠬᠤᠢᠰᠢ ᠦᠷᠦᠨᠡᠳᠡᠬᠢᠨ ᠤ ᠺᠠᠲ᠋ᠤᠯᠢᠭ ᠱᠠᠰᠢᠨ ᠴᠠᠭᠠᠨ ᠬᠡᠷᠡᠯ ᠤᠨ ᠭᠠᠳᠠᠨᠠᠬᠢ ᠤᠷᠲᠤᠰ ᠤᠷᠤᠨ ᠳ᠋ᠤ ᠴᠦ ᠦᠳᠲᠡᠷ ᠲᠦᠷᠭᠡᠨ ᠤᠯᠠᠮᠵᠢᠯᠠᠭᠳᠠᠨ ᠲᠡᠯᠭᠡᠷᠡᠵᠦ᠂ ᠺᠠᠲ᠋ᠤᠯᠢᠭ ᠱᠠᠰᠢᠨ ᠤ ᠨᠡᠢᠭᠡᠮᠯᠢᠭ ᠨᠢ ᠤᠷᠳᠤᠰ ᠤᠷᠤᠨ ᠳ᠋ᠤ ᠮᠠᠰᠢ ᠤᠯᠠᠨ ᠱᠠᠰᠢᠨ ᠤ ᠲᠤᠭᠠᠩ ᠪᠠᠢᠭᠤᠯᠵᠤᠨ ᠤᠳᠠᠯ ᠦᠭᠡᠢ ᠪᠠᠰᠠ ᠬᠡᠳᠦᠨ ᠠᠷᠪᠠᠨ ᠱᠠᠰᠢᠨᠲᠠᠳ ᠤᠨ ᠲᠤᠰᠬᠤᠨ ᠪᠤᠢ ᠪᠤᠯᠵᠠᠢ᠃ ᠡᠳᠡᠭᠡᠷ ᠱᠠᠰᠢᠨᠲᠠᠳ ᠤᠨ ᠲᠤᠰᠬᠤᠨ ᠤ ᠪᠦᠷᠢᠯᠳᠦᠨ ᠭᠡᠭᠵᠢᠭᠰᠡᠨ ᠶᠠᠪᠤᠳᠠᠯ ᠨᠢ ᠦᠷᠦᠨᠡᠳᠡᠬᠢᠨ ᠤ ᠬᠦᠴᠦᠷᠭᠡᠭ ᠤᠯᠤᠰ ᠤᠳ ᠺᠠᠲ᠋ᠤᠯᠢᠭ ᠱᠠᠰᠢᠨ ᠤ ᠨᠡᠢᠭᠡᠮᠯᠢᠭ ᠡᠴᠡ ᠤᠷᠲᠤᠰ ᠤᠷᠤᠨ ᠳ᠋ᠤ ᠦᠪᠡᠷᠮᠢᠴᠡ ᠣᠨᠴᠠᠯᠢᠭ ᠪᠦᠬᠦᠢ ᠱᠠᠰᠢᠨ ᠲᠡᠯᠭᠡᠷᠡᠬᠦᠯᠬᠦ ᠠᠷᠭ᠎ᠠ ᠪᠠᠷᠢᠯ ᠠᠪᠤᠭᠰᠠᠨ ᠲᠠᠢ ᠴᠦ ᠬᠤᠯᠪᠤᠭ᠎ᠠ ᠲᠠᠢ ᠪᠠᠢᠳᠠᠭ᠃ ᠦᠭᠦᠯᠡᠯ ᠳ᠋ᠤ ᠬᠤᠯᠪᠤᠭᠳᠠᠯ ᠪᠦᠬᠦᠢ ᠲᠡᠦᠭᠡᠨ ᠮᠠᠲ᠋ᠸᠷᠢᠶᠠᠯ ᠢ ᠠᠰᠢᠭᠯᠠᠨ ᠴᠢᠩ ᠤᠯᠤᠰ ᠤᠨ ᠰᠡᠬᠦᠯᠴᠢ ᠳ᠋ᠤ ᠤᠷᠳᠤᠰ ᠤᠷᠤᠨ ᠳ᠋ᠤ ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨ ᠪᠦᠷᠢᠯᠳᠦᠭᠰᠡᠨ ᠶᠠᠪᠤᠴᠠ ᠪᠠ ᠰᠢᠯᠲᠠᠭᠠᠨ ᠤ ᠲᠤᠬᠠᠢ ᠨᠠᠷᠢᠯᠢᠭ ᠵᠠᠳᠠᠯᠤᠨ ᠦᠭᠦᠯᠡᠵᠡᠢ᠃
Original Literature No Original Paper
出自 内蒙古社会科学(蒙文版) 2019年 第5期

联系我们


内蒙古大学图书馆
呼和浩特市大学西路235号
中国·内蒙古
P: (0471) 4992561
E: huangfeilong@imu.edu.cn