Paper Information


Title ᠬᠤᠰᠢᠭᠤᠴᠢ ᠨᠠᠢᠷᠠᠭᠴᠢᠳ ᠤᠨ ᠦᠪᠡᠷᠮᠢᠴᠡ ᠴᠢᠨᠠᠷ ᠤᠨ ᠪᠠᠳᠠᠷᠠᠭᠠᠯ ᠪᠤᠶᠤ ᠬᠡᠯᠡᠨ  ᠤ ᠰᠢᠯᠦᠭ ᠵᠦᠢ ᠶᠢᠨ ᠲᠤᠷᠰᠢᠴᠠ
Creator ᠴᠠᠨ᠎ᠠ
Keyword ᠬᠤᠰᠢᠭᠤᠴᠢ ᠨᠠᠷᠠᠭᠴᠢ; ᠦᠪᠡᠷᠮᠢᠴᠡ ᠴᠢᠨᠠᠷ ᠤᠨ ᠪᠠᠳᠠᠷᠠᠭᠠᠯ; ᠬᠡᠯᠡᠨ ᠤ ᠰᠢᠯᠦᠭ ᠵᠦᠢ
Abstract ᠤᠯᠠᠮᠵᠢᠠᠯᠯᠲᠤ ᠤᠢᠯᠠᠭᠠᠭᠳᠠᠬᠤᠨ ᠳ᠋ᠤ ᠰᠢᠯᠦᠭ ᠤᠨ ᠬᠡᠯᠡ ᠨᠢ ᠵᠦᠪᠬᠡᠨ ᠠᠭᠤᠯᠭ᠎ᠠ ᠵᠢ ᠢᠯᠡᠷᠡᠬᠦᠯᠬᠦ ᠳ᠋ᠤ ᠦᠢᠯᠡᠴᠢᠯᠡᠳᠡᠭ ᠪᠠᠭᠠᠵᠢ ᠳ᠋ᠤ ᠤᠢᠯᠠᠭᠠᠭᠳᠠᠵᠤ ᠪᠠᠢᠪᠠ᠃ ᠬᠤᠰᠢᠭᠤᠴᠢ ᠨᠠᠢᠷᠠᠭᠴᠢᠳ ᠦᠪᠡᠷᠮᠢᠴᠡ ᠴᠢᠠᠨᠷ ᠢᠢᠡᠨ ᠪᠠᠳᠠᠷᠠᠭᠠᠵᠤ᠂ ᠬᠡᠯᠡᠨ ᠤ ᠯᠤᠲᠤ ᠶᠡᠬᠡ ᠰᠢᠯᠦᠭᠯᠢᠭ ᠪᠤᠯᠤᠯᠴᠠᠭ᠎ᠠ ᠵᠢ ᠡᠷᠢᠯᠬᠢᠯᠠᠨ ᠤᠯᠠᠨ ᠵᠦᠢᠯ ᠤᠨ ᠲᠤᠷᠰᠢᠴᠠ ᠶᠢᠨ ᠰᠢᠯᠦᠭ ᠢ ᠰᠢᠷᠭᠠᠭᠠᠵᠤ ᠪᠢᠴᠢᠳᠡᠭ ᠡᠴᠡ ᠰᠢᠨᠡᠭᠡᠦ ᠭᠤᠤ ᠠ ᠰᠠᠢᠬᠠᠨ ᠤ ᠬᠦᠭᠡᠭᠡᠴᠡᠯᠳᠦᠯ ᠪᠦᠬᠦᠢ ᠬᠡᠯᠡᠨ ᠤ ᠰᠢᠯᠦᠭ ᠵᠦᠢ ᠡᠰᠡᠨᠢᠨ ᠮᠡᠨᠳᠦᠯᠡᠪᠡ᠃ ᠬᠡᠯᠡᠨ ᠤ ᠰᠢᠯᠦᠭ ᠵᠦᠢ ᠨᠢ ᠬᠡᠯᠡᠠ ᠤ ᠤᠿᠠᡀᠢᠭ ᠤᠩ ᠸᠩᠴᠠᠭᠠᠢ ᠰᠢᠩᠵᠢ ᠵᠢ ᠠᠩᠬᠠᠷᠴᠤ᠂ ᠰᠢᠯᠦᠭ ᠤᠨ ᠬᠡᠯᠡ ᠵᠢ ᠤᠷᠢᠰ ᠭᠠᠷᠤᠭ᠎ᠠ ᠦᠭᠡᠢ ᠦᠨᠳᠦᠷᠵᠢᠬᠦᠯᠵᠦ ᠦᠵᠡᠳᠡᠭ ᠡᠴᠡ ᠬᠡᠯᠡ ᠪᠤᠯ ᠨᠢᠭᠡᠨ ᠪᠡᠶ ᠠ ᠪᠠᠨ ᠲᠠᠭᠠᠭᠠᠭᠰᠠᠨ ᠰᠣᠳᠤᠯᠤᠭᠳᠠᠬᠤᠨ ᠤ ᠬᠤᠪᠢ ᠪᠡᠷ ᠰᠢᠭᠦᠮᠵᠢᠯᠡᠭᠴᠢᠳ ᠤᠨ ᠬᠠᠷᠠᠭᠠᠨ ᠳ᠋ᠤ ᠲᠤᠳᠤᠷᠠᠵᠤ ᠡᠬᠢᠯᠡᠪᠡ᠃ ᠮᠣᠩᠭᠤᠯ ᠰᠢᠦᠭᠴᠢᠳ ᠡᠴᠡ ᠬᠡᠯᠡᠨ ᠤ ᠰᠢᠯᠦᠭ ᠵᠦᠢ ᠶᠢᠨ ᠨᠡᠭᠡᠭᠡᠯᠲᠡ ᠨᠢ ᠦᠷᠦᠨᠡᠳᠡᠬᠢᠨ ᠤ ᠰᠢᠯᠦᠭ ᠤᠨ ᠨᠦᠯᠦᠭᠡ ᠵᠢ ᠬᠦᠷᠲᠡᠭᠰᠡᠨ ᠰᠠᠭᠤᠷᠢᠨ ᠲᠡᠭᠡᠷ ᠠ᠂ ᠰᠢᠯᠦᠭ ᠤᠨ ᠬᠡᠯᠡᠨ ᠤ ᠲᠤᠬᠠᠢ ᠤᠢᠯᠠᠭᠠᠭᠳᠠᠬᠤᠨ ᠢ ᠠᠮᠢᠳᠤᠯᠢᠭ ᠢᠢᠡᠷ ᠵᠯᠠᠭᠮᠵᠢᠯᠠᠵᠤ᠂ ᠮᠣᠩᠭᠤᠯ ᠬᠡᠯᠡᠨ ᠤ ᠰᠢᠯᠦᠭᠡᠯᠡᠬᠦ ᠤᠷᠤᠨ ᠵᠠᠢ ᠶᠢᠨ ᠬᠡᠪᠴᠢᠶᠡᠨ ᠳ᠋ᠡᠬᠢ ᠬᠠᠮᠤᠭ ᠤᠨ ᠶᠡᠬᠡ ᠢᠯᠡᠷᠡᠬᠦᠯᠬᠦ ᠴᠦᠴᠦᠨ ᠢ ᠡᠷᠢᠯᠬᠢᠯᠡᠭᠰᠡᠨ ᠶᠠᠪᠤᠳᠠᠯ ᠪᠤᠯᠤᠨ᠎ᠠ᠃ ᠦᠭᠦᠯᠡᠯ ᠳ᠋ᠤ᠂ ᠬᠤᠰᠢᠭᠤᠴᠢ ᠨᠠᠢᠷᠠᠭᠴᠢᠳ ᠤᠨ ᠬᠡᠯᠡᠨ ᠤ ᠰᠢᠯᠦᠭ ᠵᠦᠢ ᠶᠢᠨ ᠲᠤᠷᠰᠢᠴᠡ ᠵᠢ ᠬᠡᠯᠡᠨ ᠤ ᠰᠢᠯᠦᠭᠯᠢᠭ ᠪᠤᠯᠤᠯᠴᠠᠭ᠎ᠠ ᠶᠢᠨ ᠡᠷᠢᠯᠬᠢᠯᠡᠯ᠂ ᠮᠡᠳᠡᠷᠡᠮᠵᠢ ᠡᠴᠡ ᠭᠡᠲᠦᠢᠳᠦᠭᠰᠡᠨ ᠰᠢᠯᠦᠭ ᠤᠨ ᠬᠡᠭᠡᠭᠡᠴᠡᠯᠳᠦᠯ᠂ ᠰᠢᠨ᠎ᠠ ᠦᠡ ᠶᠢᠨ ᠰᠢᠯᠦᠭᠯᠢᠭ ᠴᠢᠳᠠᠮᠵᠢ ᠶᠢᠨ ᠢᠯᠡᠷᠡᠬᠦᠯᠦᠯ ᠵᠡᠷᠭᠡ ᠭᠤᠷᠪᠠᠨ ᠲᠠᠯ ᠠ ᠲᠠᠯ ᠠ ᠳ᠋ᠤ ᠬᠤᠪᠢᠶᠠᠵᠤ ᠦᠭᠦᠯᠡᠵᠡᠢ᠃
Original Literature View Original Paper
出自 内蒙古社会科学(蒙文版) 2019年 第4期

联系我们


内蒙古大学图书馆
呼和浩特市大学西路235号
中国·内蒙古
P: (0471) 4992561
E: huangfeilong@imu.edu.cn