Paper Information


Title 《 ᠦᠢᠯᠡ ᠶᠢᠨ ᠦᠷ ᠠ》 ᠬᠢᠭᠡᠳ ᠮᠣᠩᠭᠤᠯ ᠬᠡᠪᠰᠢᠮᠡᠯ ᠦᠭᠡ
Creator ᠪᠠᠷᠠᠭᠰᠪᠠᠲᠠᠢ
Keyword ᠦᠢᠯᠡ ᠶᠢᠨ ᠦᠷ ᠠ; ᠮᠣᠩᠭᠤᠯ ᠬᠡᠪᠰᠢᠮᠡᠯ ᠦᠭᠡ; ᠪᠤᠷᠬᠠᠨ ᠤ ᠱᠠᠰᠢᠨ
Abstract ᠪᠤᠷᠬᠠᠨ ᠤ ᠱᠠᠰᠢᠨ ᠪᠤᠯ ᠨᠢᠭᠡᠨ ᠪᠠᠶ ᠠ ᠪᠠᠨ ᠲᠠᠭᠠᠭᠠᠭᠰᠠᠨ ᠰᠣᠶᠣᠯ ᠮᠦᠨ᠃ ᠡᠨᠡ ᠬᠦ ᠰᠣᠶᠣᠯ ᠨᠢ ᠤᠷᠲᠤ ᠤᠳᠠᠭᠠᠨ ᠬᠤᠭᠤᠴᠠᠭ᠎ᠠ ᠪᠡᠷ ᠮᠣᠩᠭᠤᠯᠴᠤᠳ ᠤᠨ ᠠᠮᠢᠳᠤᠷᠠᠯ ᠤᠨ ᠪᠦᠬᠦᠢᠯᠡ ᠬᠦᠷᠢᠶ ᠠ ᠴᠠᠷᠠᠭ᠎ᠠ ᠳ᠋ᠤ ᠨᠠᠪᠴᠢᠵᠦ᠂ ᠮᠣᠩᠭᠤᠯᠴᠤᠳ ᠢ ᠡᠯ ᠠ ᠲᠠᠯ ᠠ ᠪᠡᠷ ᠨᠦᠯᠦᠭᠡᠯᠡᠭᠰᠡᠨ ᠪᠠᠢᠳᠠᠭ᠃ ᠶᠡᠷᠦ ᠨᠢ ᠬᠡᠯᠡ ᠪᠤᠯ ᠰᠣᠶᠣᠯ ᠤᠨ ᠠᠴᠢᠶᠠᠯᠠᠭᠴᠢ ᠬᠡᠳᠡᠭ᠃ ᠡᠢᠮᠦ ᠡᠴᠡ ᠬᠡᠯᠡᠨ ᠤ ᠨᠢᠭᠡᠨ ᠴᠢᠬᠤᠯᠠ ᠪᠦᠷᠢᠯᠳᠦᠬᠦᠨ ᠪᠤᠯᠬᠤ ᠬᠡᠪᠰᠢᠮᠡᠯ ᠦᠭᠡ ᠳ᠋ᠤ ᠪᠤᠷᠬᠠᠨ ᠱᠠᠰᠢᠨ ᠤ ᠲᠤᠬᠠᠢ ᠰᠣᠳᠤᠯᠤᠭᠤᠰᠢᠲᠠᠢ ᠵᠦᠢᠯ ᠡᠳᠦᠢ ᠲᠡᠳᠦᠢ ᠪᠠᠢᠨ᠎ᠠ᠃ ᠮᠣᠩᠭᠤᠯ ᠬᠡᠯᠡᠨ ᠤ ᠦᠡᠭᠰ ᠤᠨ ᠰᠠᠩ ᠳ᠋ᠤ ᠤᠷᠤᠵᠤ ᠮᠣᠩᠭᠤᠯ ᠴᠤᠳ ᠤᠨ ᠲᠤᠮᠳᠠ ᠠᠰᠢᠭᠯᠠᠳᠭᠠᠨ ᠬᠠᠳᠠᠭᠠᠯᠭᠳᠠᠭᠰᠠᠨ ᠲᠡᠳᠡᠭᠡᠷ ᠪᠤᠷᠬᠠᠨ ᠤ ᠱᠠᠰᠢᠨ ᠲᠠᠢ ᠬᠤᠯᠪᠤᠭᠠᠰᠤᠲᠠᠢ ᠬᠡᠪᠰᠢᠮᠡᠯ ᠦᠭᠡ ᠤᠳ ᠢ ᠪᠢᠳᠡ ᠭᠡᠷᠪᠡ ᠡᠷᠬᠢᠬᠤ ᠳ᠋ᠤ ᠬᠦᠷᠪᠡᠯ ᠬᠤᠭ ᠰᠠᠭ ᠤᠨ ᠬᠠᠮᠲᠤ ᠬᠤᠪᠤᠷ ᠡᠷᠳᠡᠨᠢ ᠵᠢ ᠬᠠᠶᠠᠭᠰᠠᠨ ᠲᠠᠢ ᠠᠳᠠᠯᠢ ᠪᠤᠯᠤᠨ᠎ᠠ᠃ ᠮᠦᠨ ᠲᠡᠭᠡᠭᠡᠳ ᠮᠣᠩᠭᠤᠯ ᠬᠡᠯᠡᠨ ᠳ᠋ᠡᠬᠢ ᠪᠤᠷᠬᠠᠨ ᠤ ᠱᠠᠰᠢᠨ ᠳ᠋ᠤ ᠬᠠᠨᠳᠤᠭᠰᠠᠨ ᠮᠣᠩᠭᠤᠯᠴᠤᠳ ᠤᠨ ᠤᠪᠤᠷ ᠢ ᠲᠤᠰᠬᠠᠭᠰᠠᠨ ᠬᠡᠪᠰᠢᠮᠡᠯ ᠦᠭᠡ ᠤᠳ ᠪᠤᠯ ᠮᠣᠩᠭᠤᠯᠴᠤᠳ ᠤᠨ ᠪᠤᠷᠬᠠᠨ ᠤ ᠱᠠᠰᠢᠨ ᠯᠤᠭ᠎ᠠ ᠶᠢᠨ ᠬᠠᠷᠢᠯᠠᠭ᠎ᠠ ᠶᠠᠪᠤᠯᠴᠠᠭᠠᠨ ᠤ ᠴᠢᠬᠤᠯᠠ ᠨᠢᠭᠡᠨ ᠲᠡᠮᠳᠡᠭᠯᠡᠯ ᠪᠤᠯᠤᠨ᠎ᠠ᠃
Original Literature View Original Paper
出自 蒙古学研究 2017年 第3期

联系我们


内蒙古大学图书馆
呼和浩特市大学西路235号
中国·内蒙古
P: (0471) 4992561
E: huangfeilong@imu.edu.cn