Paper Information


Title 《 ᠪᠦᠭᠡ ᠪᠡᠯᠭᠦᠳᠡᠢ ᠶᠢᠨᠠᠮᠠᠨ ᠬᠦᠵᠦᠬᠦᠣ ᠬᠢᠭᠡᠳ ᠮᠣᠩᠭᠤᠯᠴᠤᠳ ᠤᠨᠶᠠᠰᠤᠨ ᠰᠢᠲᠦᠯᠭᠡ
Creator ᠤᠳᠬᠤᠨᠰᠤᠪᠤᠳ
Keyword ᠪᠦᠬᠡ ᠪᠡᠯᠭᠦᠳᠡᠢ; ᠠᠮᠠᠨ ᠬᠦᠵᠦᠬᠦᠦ; ᠰᠦᠨᠡᠰᠦ; ᠶᠠᠰᠤᠨ ᠰᠢᠲᠦᠯᠭᠡ
Abstract ᠪᠦᠭᠡ ᠪᠡᠯᠭᠦᠳᠡᠢ ᠶᠢᠨ ᠠᠮᠠᠨ ᠬᠦᠵᠦᠭᠦᠦ ᠪᠤᠯ ᠣᠳᠣᠬᠢ ᠦᠪᠦᠷ ᠮᠣᠩᠭᠤᠯ ᠤᠨ ᠰᠢᠯᠢ ᠶᠢᠨ ᠭᠤᠤᠯ ᠠᠢᠮᠠᠭ ᠤᠨ ᠠᠪᠠᠭ᠎ᠠ ᠬᠤᠰᠢᠭᠤᠨ ᠳ᠋ᠤ ᠬᠠᠳᠠᠭᠠᠯᠠᠭᠳᠠᠵᠤ ᠪᠠᠢᠭ᠎ᠠ ᠪᠡᠯᠭᠡᠳᠡᠯ ᠡᠳ᠋ ᠪᠤᠯᠤᠨ᠎ᠠ᠃ ᠡᠨᠡ ᠨᠢ ᠮᠣᠩᠭᠤᠯ ᠤᠨ ᠪᠦᠭᠡ ᠮᠦᠷᠬᠦᠯ ᠤᠨ ᠰᠣᠶᠣᠯ ᠤᠨ ᠠᠭᠤᠯᠭ᠎ᠠ ᠵᠢ ᠦᠯᠡᠬᠦᠭᠡᠨ ᠬᠠᠳᠠᠭᠠᠯᠠᠵᠤ ᠪᠠᠢᠭ᠎ᠠ ᠪᠡᠷ ᠢᠢᠡᠨ ᠰᠣᠳᠤᠯᠤᠨ ᠨᠢᠭᠲᠠᠯᠠᠬᠤ ᠴᠢᠬᠤᠯᠠᠲᠠᠢ ᠰᠣᠶᠣᠯ ᠤᠨ ᠦᠵᠡᠭᠳᠡᠯ ᠪᠤᠯᠬᠤ ᠶᠣᠮ᠂ ᠡᠭᠦᠨ ᠳ᠋ᠤ ᠪᠦᠭᠡ ᠮᠦᠷᠬᠦᠯ ᠤᠨ 《 ᠶᠠᠰᠤ》 ᠭᠡᠬᠦ ᠤᠢᠠᠯᠭᠠᠭᠳᠠᠬᠤᠨ ᠬᠤᠯᠪᠤᠭᠳᠠᠵᠤ ᠪᠠᠢᠳᠠᠭ᠃ ᠭᠡᠬᠦ ᠮᠦᠷᠲᠡᠭᠡᠨ ᠪᠠᠰᠠ ᠬᠦᠮᠦᠨ ᠤ ᠰᠦᠨᠡᠰᠦ ᠨᠢ ᠠᠮᠠᠨ ᠬᠦᠵᠦᠬᠦᠦ ᠳ᠋ᠤ ᠨᠢ ᠤᠷᠤᠰᠢᠳᠠᠭ ᠭᠡᠬᠦ ᠤᠢᠯᠠᠭᠠᠭᠳᠠᠬᠤᠨ ᠤ ᠪᠤᠳᠠᠳᠠᠢ ᠢᠯᠡᠷᠡᠯ ᠪᠤᠯᠤᠨ᠎ᠠ᠃ ᠲᠡᠷᠡ ᠨᠢ ᠭᠤᠤᠯᠳᠠᠭᠤ ᠠᠮᠠᠨ ᠬᠦᠵᠦᠬᠦᠦ᠂ ᠰᠡᠬᠦᠵᠢᠨ ᠶᠠᠰᠤ᠂ ᠪᠤᠭᠲᠤ ᠴᠢᠮᠦᠭᠡ ᠵᠡᠷᠭᠡ ᠶᠠᠰᠤᠨ ᠤ ᠲᠤᠬᠠᠢ ᠴᠡᠭᠡᠷ ᠶᠤᠰᠤᠨ᠂ ᠵᠠᠩ ᠵᠠᠩᠰᠢᠯ᠂ ᠲᠤᠮᠤᠭ ᠦᠯᠢᠭᠡᠷ ᠲᠦ ᠲᠤᠰᠬᠠᠭᠳᠠᠨ ᠮᠣᠩᠭᠤᠯᠴᠤᠳ ᠤᠨ ᠶᠠᠰᠤᠨ ᠰᠢᠳᠦᠯᠭᠡ ᠪᠢᠰᠢᠷᠡᠯ ᠵᠢᠴᠢ ᠲᠡᠬᠦᠨ ᠤ ᠲᠠᠯᠲᠠ ᠤᠷᠤᠰᠬᠤ ᠰᠦᠨᠡᠰᠦᠨ ᠤ ᠤᠢᠯᠠᠭᠠᠭᠳᠠᠬᠤᠨ ᠤ ᠲᠤᠬᠠᠢ ᠦᠵᠡᠯᠲᠡ ᠠᠭᠤᠯᠤᠭᠳᠠᠵᠤ ᠪᠠᠢᠳᠠᠭ᠃
Original Literature No Original Paper
出自 蒙古学研究 2017年 第2期

联系我们


内蒙古大学图书馆
呼和浩特市大学西路235号
中国·内蒙古
P: (0471) 4992561
E: huangfeilong@imu.edu.cn