Abstract |
ᠦᠪᠦᠷ ᠮᠣᠩᠭᠤᠯ ᠤᠨ ᠪᠡᠷ ᠵᠢᠷᠤᠭ ᠪᠤᠯ ᠦᠨᠳᠦᠰᠦᠲᠡᠨ ᠤ ᠂ ᠠᠷᠠᠳ ᠤᠯᠠᠨ ᠤ ᠂ ᠤᠷᠤᠨ ᠨᠤᠲᠤᠭ ᠤᠨ ᠰᠣᠶᠣᠯ ᠤᠨ ᠦᠩ ᠰᠢᠮᠡᠯᠢᠭ ᠬᠦᠷᠦᠰᠦ ᠰᠢᠷᠤᠢ ᠲᠡᠭᠡᠷ ᠠ ᠪᠤᠳᠠᠯᠠᠨ᠂ ᠪᠠᠢᠭᠠᠯᠠᠢ ᠲᠡᠯᠡᠭᠡᠢ ᠶᠢᠨ ᠦᠭᠬᠢᠶᠠᠮᠦᠷ ᠬᠡᠰᠢᠭ ᠢ ᠭᠠᠭᠴᠠᠠᠭᠷ ᠬᠦᠷᠲᠡᠭᠰᠡᠨ ᠤᠨᠴᠠᠭᠠᠢ ᠤᠷᠠᠯᠢᠭ ᠤᠨ ᠵᠦᠢᠯ ᠮᠦᠨ᠃ ᠭᠡᠪᠡᠴᠦ ᠤᠳᠤᠬᠠᠨ ᠳ᠋ᠤ ᠪᠠᠷ ᠵᠢᠷᠤᠭ ᠤᠨ ᠲᠠᠪᠠᠭᠤᠯᠢᠭ ᠲᠠᠯ ᠠ ᠪᠤᠯᠤᠨ ᠦᠪᠡᠷᠮᠢᠴᠡ ᠣᠨᠴᠠᠯᠢᠭ ᠢ ᠲᠡᠩᠲᠡᠭᠦᠦ ᠪᠤᠶᠤ ᠵᠠᠭᠪᠤᠷᠴᠢᠯᠠᠬᠤ ᠬᠡᠯᠪᠡᠷᠢᠯ ᠤᠷᠤᠰᠢᠵᠤ ᠪᠠᠢᠭ᠎ᠠ ᠨᠢ ᠮᠢᠨᠦ ᠦᠵᠡᠬᠦ ᠪᠡᠷ ᠵᠤᠬᠢᠰ ᠦᠭᠡᠢ ᠦᠵᠡᠭᠳᠡᠯ ᠮᠦᠨ᠃ ᠦᠪᠦᠷ ᠮᠣᠩᠭᠤᠯ ᠤᠨ ᠪᠠᠷ ᠵᠢᠷᠤᠭ ᠵᠢ ᠡᠷᠭᠡᠪᠰᠢ ᠤᠳᠤ ᠦᠶ ᠠ ᠶᠢᠨ ᠪᠠᠷ ᠵᠢᠷᠤᠭ ᠤᠨ ᠭᠦᠭᠵᠢᠯ ᠤᠨ ᠴᠢᠭᠯᠡᠯ ᠲᠠᠢ ᠯᠢᠯᠤᠭᠤ ᠪᠠᠨ ᠨᠢᠭᠡᠳᠭᠡᠵᠦ ᠂ᠰᠡᠲᠦᠪ ᠮᠠᠲ᠋ᠸᠷᠢᠶᠠᠯ ᠤᠨ ᠲᠠᠯ ᠠ ᠪᠡᠷ᠂ ᠵᠢᠷᠤᠭ ᠲᠦᠰᠦᠪ ᠤᠨ ᠲᠠᠯ ᠠ ᠪᠡᠷ᠂ ᠤᠷᠠᠯᠢᠭ ᠤᠨ ᠬᠡᠯᠡ ᠶᠢᠨ ᠲᠠᠯ ᠠ ᠪᠡᠷ ᠤᠳᠤᠬᠢᠴᠢᠯᠠᠭᠰᠠᠨ ᠰᠢᠨᠵᠢ ᠪᠠ ᠤᠷᠤᠰᠬᠠᠯ ᠤᠨ ᠬᠤᠰᠢᠭᠤᠴᠢ ᠰᠢᠨᠵᠢ ᠵᠢ ᠢᠯᠡᠷᠡᠬᠦᠯᠵᠦ᠂ ᠤᠯᠠᠮᠵᠢᠯᠠᠯ ᠢᠢᠡᠨ ᠪᠠᠳᠠᠷᠠᠭᠤᠯᠬᠤ ᠶᠢᠨ ᠵᠡᠷᠭᠡᠴᠡᠭᠡ ᠪᠡᠷ ᠦᠭᠡᠷᠡᠴᠢᠯᠠᠯ ᠰᠢᠨᠡᠴᠢᠯᠠᠯ ᠢ ᠵᠤᠷᠢᠭᠲᠠᠢ ᠬᠢᠬᠦ ᠬᠡᠷᠡᠭᠲᠡᠢ᠃ |