| Title | 
                ᠠᠭᠠᠷ ᠤᠨ ᠪᠤᠬᠢᠷᠲᠤᠯ ᠪᠠ ᠤᠯᠠᠨ ᠨᠡᠢᠲᠡ ᠶᠢᠨ ᠡᠷᠡᠭᠦᠯ ᠮᠡᠨᠳᠦ ᠶᠢᠨ ᠬᠠᠷᠢᠴᠠᠭᠠᠨ ᠤ ᠰᠣᠳᠤᠯᠤᠯ | 
            
            
                | Creator | 
                ᠠᠽᠢᠢ ᠠ | 
            
            
                | Keyword | 
                ᠠᠭᠠᠷ ᠤᠨ ᠪᠣᠬᠢᠷᠲᠤᠯ; ᠦᠭᠦᠯᠡᠲᠡ ᠶᠢᠨ ᠨᠤᠷᠮ ᠠ; ᠤᠯᠠᠨ ᠨᠡᠢᠮᠲᠡ ᠶᠢᠨ ᠡᠷᠡᠬᠦᠯ ᠮᠡᠨᠲᠤ; ᠠᠵᠤ ᠠᠬᠤᠢ ᠶᠢᠨ ᠬᠤᠬᠢᠷᠠᠯ | 
            
            
                | Abstract | 
                ᠦᠭᠦᠯᠡᠯ ᠳ᠋ᠤ《 ᠠᠶᠠᠨᠳᠠᠭᠠᠨ ᠤ ᠲᠤᠷᠰᠢᠯᠲᠠ》 ᠶᠢᠨ ᠠᠷᠭᠠ ᠵᠢ ᠭᠡᠷᠡᠭᠯᠡᠵᠦ᠂ ᠮᠠᠨ ᠤ ᠤᠯᠤᠰ ᠤᠨ ᠨᠠᠭᠠᠷ ᠤᠨ ᠪᠤᠬᠢᠷᠲᠤᠯ ᠪᠤᠳᠠᠰ ᠤᠨ ᠭᠡᠲᠦᠷᠭᠡᠢ ᠦᠬᠦᠯᠲᠡ ᠶᠢᠨ ᠨᠤᠷᠮ ᠠ ᠳ᠋ᠤ ᠦᠵᠡᠭᠦᠯᠬᠦ ᠨᠦᠯᠦᠭᠡᠨ ᠤ ᠠᠰᠠᠭᠤᠳᠠᠯ ᠳ᠋ᠤ ᠦᠨᠡᠯᠡᠯᠲᠡ ᠬᠢᠪᠡ᠃ 2014ᠣᠨ ᠤ ᠠᠽᠢᠶ ᠠ ᠨᠤᠮᠤᠬᠠᠨ ᠲᠠᠯᠠᠢ ᠶᠢᠨ ᠷᠤᠨ ᠤ ᠠᠵᠤ ᠠᠬᠤᠢ ᠶᠢᠨ ᠬᠠᠮᠲᠤᠷᠠᠯᠴᠠᠭᠠᠨᠪ ᠤ ᠬᠤᠷᠠᠯ 11ᠰᠠᠷ ᠠ ᠶᠢᠨ 5 ᠤ ᠠᠳᠦᠷ ᠡᠴᠡ 11 ᠤ ᠡᠳᠦᠷ ᠪᠤᠯᠲᠠᠯ ᠠ ᠪᠡᠭᠡᠵᠢᠩ ᠳ᠋ᠤ ᠶᠠᠪᠤᠭᠳᠠᠪᠠ᠃ ᠪᠡᠭᠡᠵᠢᠩ ᠤᠨ ᠭᠠᠵᠠᠷ ᠤᠨ ᠪᠠᠢᠴᠠ ᠪᠤᠯᠤᠨ 11ᠳ᠋ᠤᠭᠡᠷ ᠰᠠᠷ ᠠ ᠶᠢᠨ ᠠᠭᠤᠷ ᠠᠮᠢᠰᠬᠤᠯ ᠤᠨ ᠨᠦᠬᠦᠴᠡᠯ ᠨᠢ ᠠᠭᠠᠷ ᠤᠨ ᠪᠤᠬᠢᠷᠲᠤᠯ ᠪᠤᠳᠠᠰ ᠤᠨ ᠰᠠᠷᠨᠢᠯᠲᠠ ᠳ᠋ᠤ ᠠᠰᠢᠭ ᠦᠭᠡᠢ ᠡᠴᠡ ᠪᠡᠭᠡᠵᠢᠩ ᠪᠤᠯᠤᠨ ᠡᠷᠬᠢᠨ ᠲᠤᠭᠤᠷᠢᠨ ᠤ ᠲᠠᠪᠤᠨ ᠭᠠᠵᠠᠷ ᠤᠷᠤᠨ( ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ ᠠ ᠬᠤᠲᠠ ᠵᠢ ᠪᠭᠲᠠᠭᠠᠨᠠ) ᠨᠨᠢ ᠬᠤᠷᠠᠯ ᠤᠨ ᠬᠤᠭᠤᠴᠠᠭᠠᠨ ᠳ᠋ᠤ ᠤᠯᠠᠨ ᠵᠦᠢᠯ ᠤᠨ ᠠᠭᠠᠷ ᠮᠠᠨᠳᠠᠯ ᠤᠨ ᠪᠤᠬᠢᠷᠲᠤᠯ ᠢ ᠶᠡᠷᠦᠩᠬᠡᠢᠯᠡᠨ ᠵᠠᠰᠠᠬᠤ ᠠᠷᠭᠠ ᠬᠡᠮᠵᠢᠶ ᠠ ᠠᠪᠴᠤ᠂ APEC ᠬᠤᠷᠠᠯ ᠤᠨ ᠬᠤᠭᠤᠴᠠᠭᠠᠨ ᠳ᠋ᠡᠬᠢ ᠰᠠᠢᠨ ᠰᠠᠢᠬᠠᠨ ᠤᠷᠴᠢᠨ ᠲᠤᠭᠤᠷᠢᠨ ᠠᠭᠠᠷ ᠤᠨ ᠴᠢᠠᠨᠷ ᠴᠢᠨᠰᠠᠭᠠ ᠳ᠋ᠤ ᠪᠤᠳᠠᠳᠠᠢ ᠰᠢᠵᠢᠷᠠᠭᠤᠯᠤᠯᠲᠠ ᠬᠢᠭᠰᠡᠨ ᠦᠭᠡᠢ᠂ ᠵᠠᠬᠢᠷᠤᠨ ᠬᠠᠮᠢᠶᠠᠷᠤᠯᠲᠠ ᠬᠢᠭᠰᠡᠨ ᠦᠭᠡᠢ ᠬᠤᠲᠠ ᠶᠢᠨ ᠦᠬᠦᠯᠲᠡ ᠶᠢᠨ ᠨᠤᠷᠮ ᠠ ᠶᠢᠨ ᠬᠡᠯᠪᠡᠯᠵᠡᠯᠲᠡ ᠳ᠋ᠤ ᠬᠠᠷᠢᠴᠠᠭᠤᠯᠤᠯᠲᠠ ᠬᠢᠭᠡᠳ ᠮᠡᠳᠡᠭᠰᠡ ᠨᠢ᠂ ᠡᠳᠡᠭᠡᠷ ᠬᠤᠲᠠ ᠶᠢᠨ PM2.5 ᠪᠤᠯᠤᠨ PM10 ᠨᠢ ᠲᠦᠷ ᠴᠠᠭ ᠤᠨ ᠠᠭᠠᠷ ᠤᠨ ᠪᠤᠬᠢᠷᠲᠤᠯ ᠢ ᠬᠢᠵᠠᠭᠠᠷᠯᠠᠬᠤ ᠬᠠᠤᠯᠢ ᠲᠤᠭᠲᠠᠭᠠᠯ ᠡᠴᠡ ᠪᠤᠯᠵᠤ ᠢᠯᠡᠷᠭᠡᠢ ᠲᠤᠷᠤᠭᠰᠢᠯᠠᠭᠰᠠᠨ ᠮᠦᠷᠲᠡᠭᠡᠨ ᠡᠭᠦᠨ ᠲᠠᠢ ᠬᠠᠷᠢᠴᠠᠭᠠ ᠲᠠᠢ ᠤᠨᠤᠯ ᠤᠨ ᠡᠷᠡᠬᠦᠯ ᠮᠡᠨᠲᠤ ᠶᠢᠨ ᠦᠪᠡᠷ ᠤᠨ ᠦᠷᠲᠡᠭ ᠨᠢ ᠲᠣᠷᠤᠭᠰᠢᠯᠠᠵᠠᠢ᠃ | 
            
            
                | Original Literature | 
                
                    
                    View Original Paper
                    
                 | 
            
          
            | 出自 | 
            
              内蒙古社会科学(蒙文版)
              2019年
               第2期
             |