Abstract |
ᠵᠠᠬ ᠠ ᠲᠡᠯᠭᠡᠭᠦᠷ ᠤᠨ ᠠᠵᠤ ᠬᠤᠢ ᠶᠢᠨ ᠪᠠᠢᠭᠤᠯᠮᠵᠢ ᠵᠢ ᠪᠠᠢᠭᠤᠯᠤᠨ ᠲᠡᠭᠦᠯᠳᠡᠷᠵᠢᠬᠦᠯᠬᠦ ᠶᠠᠪᠤᠳᠠᠯ ᠪᠣᠯ 95 ᠣᠨ ᠤ ᠨᠣᠮ ᠤᠨ ᠲᠦᠪ ᠬᠣᠷᠢᠶᠠᠨ ᠤ ᠲᠠᠪᠤᠳᠤᠭᠠᠷ ᠪᠦᠬᠦᠳᠡ ᠬᠤᠷᠠᠯᠳᠤᠭᠠᠨ ᠲᠡᠭᠡᠷ ᠡ ᠲᠤᠷᠠᠳᠤᠭᠰᠠᠨ ᠣᠷᠴᠢᠮ ᠤᠨ ᠠᠷᠪᠠᠨ ᠲᠠᠪᠤᠨ ᠵᠢᠯ ᠤᠨ ᠲᠡᠮᠡᠴᠡᠬᠦ ᠬᠠᠷᠠᠯᠲᠠ ᠵᠢ ᠪᠡᠶᠡᠯᠡᠬᠦᠯᠬᠦ ᠵᠢ ᠵᠠᠩᠬᠢᠯᠭ᠎ᠠ ᠮᠦᠨ᠃ ᠲᠤᠰ ᠦᠭᠦᠯᠡᠯ ᠳ᠋ᠤ ᠭᠤᠤᠯᠳᠠᠭᠤ ᠵᠠᠬ ᠠ ᠲᠡᠯᠭᠡᠭᠦᠷ ᠤᠨ ᠠᠵᠤ ᠠᠬᠤᠢ ᠶᠢᠨ ᠱᠠᠭᠠᠷᠳᠠᠯᠭ᠎ᠠ ᠳ᠋ᠤ ᠨᠡᠢᠴᠡᠭᠰᠡᠨ ᠣᠳᠣ ᠦᠶ ᠡ ᠶᠢᠨ ᠠᠵᠤ ᠠᠬᠤᠢᠯᠡᠯ ᠤᠨ ᠲᠦᠷᠢᠮ ᠢ ᠪᠠᠢᠭᠤᠯᠬᠤ ᠲᠣᠬᠠᠢ ᠂ᠪᠦᠬᠦ ᠤᠯᠤᠰ ᠲᠤ ᠴᠢᠯᠦᠭᠡᠳᠡᠢ ᠨᠢᠭᠡᠳᠦᠯᠲᠡᠢ ᠵᠠᠬ ᠠ ᠲᠡᠯᠭᠡᠬᠦᠷ ᠤᠨ ᠰᠢᠰᠲ᠋ᠧᠮ ᠢ ᠪᠠᠢᠭᠤᠯᠤ ᠲᠣᠬᠠᠢ᠂ ᠲᠠᠮ ᠬᠠᠮᠢᠶᠠᠷᠬᠤ ᠪᠡᠷ ᠭᠤᠤᠯᠯᠠᠭᠰᠠᠨ ᠬᠤᠷᠤ ᠠ ᠲᠣᠬᠢᠷᠠᠭᠤᠤᠯᠲᠠ ᠶᠢᠨ ᠰᠢᠰᠲ᠋ᠸᠮ ᠢ ᠪᠠᠢᠭᠤᠯᠬᠤ ᠲᠣᠬᠠᠢ᠂ ᠵᠦᠢ ᠵᠣᠬᠢᠰᠲᠠᠢ ᠬᠤᠪᠢ ᠬᠦᠮᠦᠨ ᠤ ᠤᠷᠤᠯᠭ᠎ᠠ ᠶᠢᠨ ᠬᠤᠪᠢᠶᠠᠷᠢᠯᠠᠯᠲᠠ ᠶᠢᠨ ᠲᠦᠷᠢᠮ ᠢ ᠪᠠᠢᠭᠤᠯᠬᠤ ᠪᠠ ᠤᠯᠠᠨ ᠲᠡᠰ ᠤᠨ ᠨᠡᠢᠭᠡᠮ ᠤᠨ ᠪᠠᠲᠤᠯᠠᠪᠤᠷᠢ ᠶᠢᠨ ᠲᠦᠷᠢᠮ ᠢ ᠪᠠᠢᠭᠤᠯᠬᠤ ᠲᠣᠬᠠᠢ ᠦᠭᠦᠯᠡᠵᠡᠢ᠃ |