Paper Information


Title ᠣᠷᠴᠤᠨ ᠬᠡᠯᠡᠬᠢᠭᠡᠳ ᠮᠣᠩᠭᠤᠯ ᠬᠡᠯᠡᠨ ᠤ ᠲᠦᠯᠦᠭᠡᠨ ᠤ ᠦᠭᠡ ᠶᠢᠨ ᠬᠠᠷᠢᠴᠠᠭᠠᠨ ᠤ ᠲᠤᠬᠠᠢ
Creator ᠺᠠᠢ ᠯᠢᠨ; ᠲᠦᠩ ᠵᠢᠨ ᠷᠦᠩ
Keyword ᠤᠷᠴᠤᠨ ᠬᠡᠯᠡ; ᠮᠣᠩᠭᠤᠯ ᠬᠡᠯᠡ; ᠲᠦᠯᠦᠭᠡᠨ ᠤ ᠦᠭᠡ ᠶᠢᠨ ᠬᠠᠷᠢᠴᠠᠭ᠎ᠠ
Abstract ᠦᠭᠦᠯᠡᠯ ᠳ᠋ᠤ ᠤᠷᠴᠤᠨ ᠬᠡᠯᠡ ᠬᠢᠭᠡᠳ ᠮᠣᠩᠭᠤᠯ ᠬᠡᠯᠡᠨ ᠤ ᠲᠦᠯᠦᠭᠡᠨ ᠤ ᠦᠭᠡ ᠪᠠ ᠵᠢᠭᠠᠬᠤ ᠲᠦᠯᠦᠭᠡᠨ ᠤ ᠦᠭᠡ ᠵᠢ ᠬᠠᠷᠢᠴᠠᠭᠤᠯᠤᠨ᠂ ᠬᠤᠶᠠᠷ ᠬᠡᠯᠡᠨ  ᠤ ᠭᠠᠭᠴᠠ ᠲᠤᠭᠠᠲᠤ ᠪᠡᠶ ᠠ ᠶᠢᠨ ᠲᠦᠯᠦᠭᠡᠨ ᠤ ᠦᠭᠡ ᠨᠢ ᠠᠪᠢᠶᠠᠨ ᠤ ᠬᠡᠯᠪᠡᠷᠢ ᠪᠠ ᠠᠪᠢᠶᠠᠨ ᠤ ᠪᠦᠲᠦᠴᠡ ᠶᠢᠨ ᠲᠠᠯ ᠠ ᠪᠡᠷ ᠨᠢᠭᠡᠲᠦᠯᠲᠡᠢ ᠰᠢᠨᠵᠢ ᠪᠠᠢᠬᠤ ᠵᠢ ᠲᠤᠳᠤᠯᠠᠨ ᠭᠠᠷᠭᠠᠵᠤ᠂ ᠬᠤᠶᠠᠷ ᠬᠡᠯᠡᠨ ᠤ ᠪᠡᠶ ᠠ ᠶᠢᠨ ᠲᠦᠯᠦᠭᠡᠨ ᠤᠦᠭᠡ ᠨᠢ ᠭᠠᠭᠴᠠ ᠲᠤᠭ᠎ᠠ ᠵᠢ ᠵᠢᠭᠠᠬᠤ ᠬᠡᠯᠪᠡᠷᠢ ᠡᠴᠡ ᠪᠠᠨ ᠤᠯᠠᠨ ᠲᠤᠭ᠎ᠠ ᠵᠢ ᠵᠢᠭᠠᠬᠤ ᠬᠡᠯᠪᠡᠷᠢ ᠪᠤᠯᠬᠤ ᠶᠠᠪᠤᠴᠠ ᠳ᠋ᠡᠬᠢ ᠲᠠᠭᠠᠪᠤᠷᠢ ᠶᠢᠨ ᠪᠦᠷᠢᠯᠳᠦᠬᠦᠨ ᠨᠤᠭᠦᠳ ᠤᠨ ᠬᠠᠷᠢᠴᠠᠭ᠎ᠠ ᠵᠢ ᠦᠭᠦᠯᠡᠨ᠂ ᠮᠣᠩᠭᠤᠯ ᠬᠡᠯᠡᠨ ᠤ ᠬᠠᠷᠭᠠᠰᠤ ᠡᠴᠡ ᠤᠷᠴᠤᠨ ᠬᠡᠯᠡᠨ ᠤ ᠭᠤᠷᠪᠠᠳᠤᠭᠠᠷ ᠪᠡᠶ ᠠ ᠶᠢᠨ ᠭᠠᠭᠴᠠ᠂ ᠤᠯᠠᠨ ᠲᠤᠭᠠᠲᠤ ᠲᠦᠯᠦᠭᠡᠨ ᠤ ᠦᠭᠡ ᠶᠢᠨ ᠦᠭᠡ ᠪᠦᠲᠦᠭᠡᠬᠦ ᠣᠨᠴᠠᠯᠢᠭ ᠢ ᠲᠠᠢᠯᠪᠤᠷᠢᠯᠠᠨ ᠲᠤᠳᠤᠷᠬᠠᠢᠯᠠᠵᠠᠢ᠃ ᠡᠭᠦᠨ ᠤ ᠬᠠᠮᠲᠤ᠂ ᠬᠤᠶᠠᠷ ᠬᠡᠯᠡᠨ ᠤ ᠲᠦᠯᠦᠭᠡᠨ ᠤ ᠦᠭᠡ ᠶᠢᠨ ᠠᠪᠢᠶᠠᠨ ᠤ ᠪᠦᠲᠦᠴᠡ ᠬᠡᠯᠪᠡᠷᠢ ᠶᠢᠨ ᠣᠨᠴᠠᠯᠢᠭ ᠢ ᠵᠠᠳᠠᠯᠤᠨ ᠰᠢᠨᠵᠢᠯᠡᠵᠡᠢ᠃
Original Literature View Original Paper
出自 内蒙古社会科学(蒙文版) 2019年 第1期

联系我们


内蒙古大学图书馆
呼和浩特市大学西路235号
中国·内蒙古
P: (0471) 4992561
E: huangfeilong@imu.edu.cn