Title |
ᠮᠣᠩᠭᠤᠯ ᠣᠷᠴᠢᠭᠤᠯᠭ᠎ᠠ《 ᠴᠠᠨ ᠵᠠᠨ ᠢ ᠰᠢ ᠬᠡᠮᠡᠬᠦ ᠲᠡᠦᠭᠡ》 ᠳ᠋ᠡᠬᠢ ᠲᠤᠤᠯᠢ ᠶᠢᠨ ᠰᠣᠶᠣᠯ ᠤᠨ ᠤᠯᠠᠮᠵᠢᠯᠠᠯ |
Creator |
ᠲᠠᠯᠠᠢ |
Keyword |
《 ᠴᠠᠨ ᠵᠸᠨ ᠢ ᠱᠢ ᠬᠡᠮᠡᠬᠦ ᠲᠡᠦᠭᠡ》; ᠲᠤᠤᠯᠢ ᠶᠢᠨ ᠰᠣᠶᠣᠯ;ᠤᠯᠠᠮᠵᠢᠯᠠᠯ; ᠤᠨᠳᠤᠤᠰᠢᠯ |
Abstract |
ᠴᠢᠩ ᠤᠯᠤᠰ ᠤᠨ ᠦᠶ ᠠ ᠳ᠋ᠤ ᠬᠢᠲᠠᠳ ᠦᠨᠳᠦᠰᠦᠲᠡᠨ ᠤ ᠪᠦᠯᠦᠭᠲᠤ ᠷᠤᠮᠠᠨ ᠤ ᠮᠣᠩᠭᠤᠯ ᠤᠷᠴᠢᠭᠤᠯᠭ᠎ᠠ(ᠪᠸᠨᠨᠰᠡᠨ ᠦᠯᠢᠭᠡᠷ) ᠨᠢ ᠮᠣᠩᠭᠤᠯ ᠤᠷᠤᠨ᠎ᠠ ᠶᠡᠬᠡᠪᠡᠷ ᠤᠯᠠᠮᠵᠢᠯᠠᠨ ᠲᠠᠷᠬᠠᠬᠤ ᠳ᠋ᠠᠭᠠᠨ ᠤᠤᠯ ᠡᠴᠡ ᠪᠠᠨ ᠪᠠᠢᠭᠰᠠᠨ ᠪᠠᠭᠠᠲᠤᠷ ᠤᠨ ᠲᠤᠤᠯᠢ ᠶᠢᠨ ᠰᠣᠶᠣᠯ ᠨᠢ ᠪᠤᠴᠠᠭᠠᠳ ᠮᠣᠩᠭᠤᠯ ᠣᠷᠴᠢᠭᠤᠯᠭ᠎ᠠ ᠵᠢ ᠨᠦᠯᠦᠭᠡᠯᠡᠵᠦ᠂ ᠤᠤᠯ ᠬᠢᠲᠠᠳ ᠡᠭᠡ ᠲᠠᠢ ᠨᠢ ᠬᠠᠷᠢᠴᠠᠭᠤᠯᠵᠤ ᠦᠵᠡᠪᠡᠯ ᠶᠡᠬᠡᠬᠡᠨ ᠬᠤᠪᠢᠷᠠᠯᠲᠠ ᠵᠢ ᠪᠤᠢ ᠪᠤᠯᠭᠠᠵᠠᠢ᠃ ᠰᠢᠨ᠎ᠠ ᠪᠡᠷ ᠤᠯᠳᠠᠭᠰᠠᠨ ᠮᠣᠩᠭᠤᠯ ᠤᠷᠴᠢᠭᠤᠯᠭ᠎ᠠ 《 ᠴᠠᠨ ᠵᠸᠨ ᠢ ᠱᠢ ᠬᠡᠮᠡᠬᠦ ᠲᠡᠦᠭᠡ》 ᠨᠢ ᠦᠪᠡᠷᠮᠢᠴᠡ ᠣᠨᠴᠠᠯᠢᠭ ᠢᠢᠡᠷ ᠢᠢᠡᠨ ᠮᠣᠩᠭᠤᠯ ᠣᠷᠴᠢᠭᠤᠯᠭ᠎ᠠ ᠶᠢᠨ ᠲᠡᠷᠡ ᠤᠯᠤᠨ ᠪᠦᠲᠦᠭᠡᠯ ᠤᠨ ᠲᠤᠮᠳᠠ ᠮᠠᠰᠢ ᠰᠤᠨᠢᠷᠬᠠᠭᠤᠰᠢᠲᠠᠢ ᠰᠤᠳᠤᠨ ᠤᠷᠴᠢᠭᠤᠯᠭ᠎ᠠ ᠪᠤᠯᠵᠤ ᠴᠢᠳᠠᠭᠰᠠᠨ ᠤ ᠰᠢᠯᠲᠠᠭᠠᠨ ᠭᠡᠪᠡᠯ ᠮᠣᠩᠭᠤᠯ ᠤᠷᠠᠨ ᠵᠣᠬᠢᠶᠠᠯ ᠤᠨ ᠢᠢᠡᠨᠤᠯᠠᠮᠵᠢᠯᠠᠯ ᠢ ᠪᠦᠲᠦᠭᠡᠯᠴᠢ ᠪᠡᠷ ᠵᠠᠯᠭᠠᠮᠵᠢᠯᠠᠭᠰᠠᠨ ᠳ᠋ᠤ ᠪᠠᠢᠨ᠎ᠠ᠃ ᠲᠠᠷᠤᠢ ᠲᠤᠤᠯᠢ ᠶᠢᠨ ᠰᠣᠶᠣᠯ ᠤᠨ ᠤᠯᠠᠮᠵᠢᠯᠠᠯ ᠢᠢᠡᠨ ᠤᠷᠴᠢᠭᠤᠯᠭ᠎ᠠ ᠳ᠋ᠠᠭᠠᠨ ᠰᠢᠩᠭᠡᠭᠡᠨ ᠢᠳᠡᠭᠡᠰᠢᠬᠦᠯᠦᠨ ᠨᠡᠢᠴᠡᠭᠦᠯᠵᠦ᠂ ᠦᠪᠡᠷᠮᠢᠴᠡ ᠣᠨᠴᠠᠯᠢᠭ ᠪᠦᠬᠦᠢ ᠣᠷᠴᠢᠭᠤᠯᠭ᠎ᠠ ᠪᠤᠯᠵᠤ ᠴᠢᠳᠠᠵᠠᠢ᠃ ᠦᠭᠦᠯᠡᠯ ᠳ᠋ᠤ ᠡᠨᠡ ᠬᠦ ᠲᠤᠤᠯᠢ ᠶᠢᠨ ᠤᠯᠠᠮᠵᠢᠯᠠᠯ ᠢ ᠬᠠᠢᠨ ᠭᠠᠷᠭᠠᠵᠤ᠂ ᠬᠠᠷᠢᠴᠠᠭᠤᠯᠤᠯᠭᠰᠠᠨ ᠤᠷᠠᠨ ᠵᠣᠬᠢᠶᠠᠯ ᠤᠨ ᠤᠨᠳᠤᠤᠰᠢᠯ ᠵᠦᠢ ᠶᠢᠨ ᠡᠭᠦᠳᠡᠨ ᠡᠴᠡ ᠠᠳᠠᠯᠢ ᠪᠤᠰᠤ ᠶᠢᠨ ᠤᠯᠤᠰ ᠦᠨᠳᠰᠦᠲᠡᠨ ᠤ ᠤᠷᠠᠨ ᠵᠣᠬᠢᠶᠠᠯ ᠤᠨ ᠤᠷᠴᠢᠭᠤᠯᠭ᠎ᠠ ᠨᠢ ᠬᠡᠷᠬᠢᠨ ᠦᠨᠳᠦᠰᠦᠲᠡᠨᠴᠢᠯᠠᠵᠦ᠂ ᠬᠡᠷᠬᠢᠨ ᠬᠤᠪᠢᠷᠠᠯᠲᠠ ᠭᠠᠷᠴᠤ ᠪᠠᠢᠭ᠎ᠠ ᠵᠢ ᠠᠵᠢᠭᠯᠠᠵᠤ ᠪᠤᠯᠤᠨ᠎ᠠ᠃ |
Original Literature |
View Original Paper
|
出自 |
内蒙古社会科学(蒙文版)
2019年
第1期
|