Paper Information


Title ᠴᠢᠩ ᠤᠯᠤᠰ ᠤᠨ ᠦᠶ ᠠ ᠶᠢᠨ ᠬᠤᠷᠴᠨ ᠵᠡᠭᠦᠨ ᠭᠠᠷᠤᠨ ᠬᠤᠢᠲᠤ ᠬᠤᠰᠢᠭᠤᠨ ᠤ ᠸᠠᠩ ᠬᠦᠩ ᠤᠨ ᠦᠶ ᠠ ᠰᠦᠯᠵᠢᠰ ᠤᠨ ᠪᠢᠴᠢᠭ ᠢ ᠡᠮᠬᠢᠳᠭᠡᠨ ᠰᠣᠳᠤᠯᠤᠭᠰᠠᠨ ᠨᠢ
Creator ᠤᠯᠠᠭᠠᠨ
Keyword ᠬᠤᠷᠴᠢᠨ ᠵᠡᠬᠦᠨ ᠭᠠᠷᠤᠨ ᠬᠤᠢᠲᠤ ᠬᠤᠰᠢᠭᠤ; ᠸᠠᠩ ᠬᠦᠩ; ᠦᠶ ᠠ ᠰᠦᠯᠵᠢᠰ
Abstract ᠦᠭᠦᠯᠡᠯ ᠳ᠋ᠤ18ᠳ᠋ᠤᠭᠠᠷ ᠵᠠᠭᠤᠨ ᠤ ᠮᠣᠩᠭᠤᠯ ᠲᠡᠦᠭᠡᠨ ᠪᠢᠴᠢᠭ᠂ ᠴᠢᠩ ᠤᠤᠯᠰ ᠤᠨ ᠠᠯᠪᠠᠨ ᠡᠴᠡ ᠨᠠᠢᠷᠠᠭᠤᠯᠤᠯᠭᠰᠠᠨ ᠲᠡᠦᠭᠡᠨ ᠪᠢᠴᠢᠭ᠂ ᠮᠣᠩᠭᠤᠯ ᠸᠠᠩ ᠬᠦᠩ ᠤᠨ ᠭᠡᠷ ᠤᠨ ᠦᠶ ᠠ ᠶᠢᠨ ᠪᠢᠴᠢᠮᠡᠯ ᠵᠡᠷᠭᠡ ᠲᠡᠦᠭᠡᠨ ᠰᠤᠷᠪᠤᠯᠵᠢᠰ ᠲᠤ ᠲᠡᠮᠳᠡᠭᠯᠡᠵᠦ ᠪᠦᠬᠦᠢ ᠬᠤᠷᠴᠢᠨ ᠵᠠᠭᠦᠨ ᠭᠠᠷᠤᠨ ᠬᠤᠢᠲᠤ ᠬᠤᠰᠢᠭᠤᠨ ᠤ ᠸᠠᠩ ᠭᠦᠩ ᠤᠨ ᠦᠶ ᠠ ᠰᠦᠯᠵᠢᠰ ᠢ ᠲᠠᠨᠢᠯᠴᠠᠭᠤᠤᠯᠤᠨ᠂ ᠬᠠᠷᠢᠴᠠᠭᠤᠯᠵᠤ ᠰᠣᠳᠤᠯᠤᠭᠰᠠᠨ ᠤ ᠰᠠᠭᠤᠷᠢᠨ ᠳ᠋ᠤ᠂ ᠡᠳᠡᠭᠡᠷ ᠲᠡᠦᠭᠡᠨ ᠰᠤᠷᠪᠤᠯᠵᠢᠰ ᠤᠨ ᠲᠠᠪᠠᠭᠤᠯᠢᠭ ᠲᠠᠯ ᠠ ᠵᠢ ᠨᠢ ᠨᠤᠲᠠᠯᠠᠵᠤ᠂ ᠬᠦᠷᠦᠯᠴᠡᠬᠦ ᠦᠭᠡᠢ ᠲᠠᠯ ᠠ ᠵᠢ ᠨᠢ ᠨᠦᠬᠦᠪᠦᠷᠢᠯᠡᠨ᠂ ᠲᠠᠰᠢᠶ ᠠ ᠵᠦᠢᠯᠰ ᠢ ᠨᠢ ᠵᠠᠯᠠᠷᠠᠭᠤᠯᠵᠤ᠂ ᠮᠢᠩᠭᠠᠨ ᠲᠠᠷᠬᠠᠨ ᠨᠤᠶᠠᠨ ᠡᠴᠡ ᠲᠤᠷᠤᠭᠰᠢ13 ᠳ᠋ᠤᠭᠠᠷ ᠦᠶ ᠠ ᠶᠢᠨ ᠬᠡᠰᠢᠭ ᠬᠦᠩ ᠬᠦᠷᠲᠡᠯᠡᠬᠢ ᠦᠶ ᠠ ᠰᠦᠯᠵᠢᠰ ᠢ ᠡᠮᠬᠢᠳᠭᠡᠨ ᠰᠢᠬᠦᠵᠦ᠂ ᠡᠮᠬᠢᠯᠡᠨ ᠲᠡᠮᠳᠡᠭᠯᠡᠭᠰᠡᠨ ᠪᠠᠢᠨ᠎ᠠ᠃ ᠡᠭᠦᠨ ᠤ ᠲᠠᠭᠤ᠂ ᠵᠠᠩᠬᠢᠯᠤᠨ ᠤ ᠲᠤᠬᠠᠢ ᠪᠠ ᠰᠡᠩᠭᠡᠷᠢᠨᠴᠢᠨ ᠤ ᠲᠦᠷᠦᠭᠰᠡᠨ ᠡᠴᠢᠭᠡ ᠶᠢᠨ ᠭᠠᠷᠤᠯ ᠢᠷᠡᠯ᠂ ᠦᠶ ᠠ ᠵᠠᠯᠭᠠᠮᠵᠢ᠂ ᠦᠷᠡᠴᠢᠯᠡᠭᠰᠡᠨ ᠡᠴᠢᠭᠡ ᠶᠢᠨ ᠦᠷ ᠠ ᠬᠡᠦᠭᠡᠳ ᠤᠨ ᠪᠠᠢᠳᠠᠯ ᠵᠡᠷᠭᠡ ᠠᠰᠠᠭᠤᠳᠠᠯ ᠢ ᠲᠤᠳᠤᠯᠠᠨ ᠦᠭᠦᠯᠡᠭᠰᠡᠨ ᠪᠠᠢᠨ᠎ᠠ᠃
Original Literature View Original Paper
出自 内蒙古社会科学(蒙文版) 2019年 第1期

联系我们


内蒙古大学图书馆
呼和浩特市大学西路235号
中国·内蒙古
P: (0471) 4992561
E: huangfeilong@imu.edu.cn