Paper Information


Title ᠵᠢᠨ ᠳ᠋ᠠᠨ ᠳ᠋ᠤᠤ 《ᠬᠠᠷᠢ ᠶᠢᠨ ᠱᠠᠰᠢᠨ ᠢ ᠡᠰᠡᠷᠭᠦᠴᠡᠭᠰᠡᠨ》ᠬᠡᠮᠡᠬᠦ ᠬᠡᠯᠡᠯᠭᠡ ᠶᠢᠨ ᠲᠤᠬᠠᠢ
Creator ᠲᠦᠩ ᠱᠤᠸᠠᠩ ᠰᠢ
Keyword ᠵᠢᠨ ᠳ᠋ᠠᠨ ᠳ᠋ᠤᠤ; ᠬᠠᠷᠢ ᠶᠢᠨ ᠱᠠᠰᠢᠨ; ᠡᠰᠡᠷᠭᠦᠴᠡᠭᠰᠡᠨ
Abstract ᠪᠠᠳᠠᠷᠠᠭᠤᠯᠲᠤ ᠲᠦᠷᠦ ᠶᠢᠨ ᠠᠷᠪᠠᠨ ᠳᠤᠯᠤᠭᠠᠨ ᠣᠨ ᠤ ᠠᠷᠪᠠᠨ ᠰᠠᠷ᠎ᠠ ᠶᠢᠨ ᠶᠢᠰᠦᠨ (1891 ᠣᠨ ᠤ 11 ᠰᠠᠷ᠎ᠠ ᠶᠢᠨ 10᠋ ᠤ ᠡᠳᠦᠷ)᠋ ᠳᠦ ᠡᠭᠦᠰᠦᠭᠰᠡᠨ ᠵᠢᠨ ᠳ᠋ᠠᠨ ᠳ᠋ᠤᠤ ᠶᠢᠨ ᠬᠡᠷᠡᠭ ᠴᠢᠩ ᠤᠯᠤᠰ ᠤᠨ ᠦᠶ᠎ᠡ ᠶᠢᠨ ᠵᠡᠭᠦᠨ ᠣᠷᠤᠨ ᠤ ᠮᠣᠩ᠋ᠭᠤᠯ ᠬᠤᠰᠢᠭᠤ ᠪᠠ ᠬᠦᠷᠰ ᠭᠠᠵᠠᠷ ᠣᠷᠤᠨ ᠤ ᠬᠢᠲᠠᠳ ᠮᠣᠩ᠋ᠭᠤᠯ ᠡᠯ᠎ᠡ ᠦᠨᠳᠦᠰᠦᠲᠡᠨ ᠦ ᠠᠷᠠᠳ ᠲᠦᠮᠡᠨ ᠳᠦ ᠲᠤᠢ᠌ᠯ ᠤᠨ ᠶᠡᠬᠡ ᠭᠠᠢ ᠭᠠᠮᠰᠢᠭ ᠤᠴᠠᠷᠠᠭᠤᠯᠵᠤ ᠪᠢᠯᠡ᠃ ᠵᠢᠨ ᠳ᠋ᠠᠨ ᠳ᠋ᠤᠤ ᠱᠠᠰᠢᠨᠲᠠᠨ ᠬᠢᠭᠡᠳ ᠬᠠᠷᠢ ᠶᠢᠨ ᠱᠠᠰᠢᠨ ᠬᠤᠭᠤᠷᠤᠨᠳᠤ ᠪᠠᠨ ᠶᠡᠷᠦ ᠳᠡᠭᠡᠨ ᠦᠰᠢᠯᠳᠦᠬᠦ ᠤᠴᠢᠷ ᠠᠴᠠ ᠬᠡᠷᠡᠭ ᠦᠨ ᠳᠤᠮᠳᠠ ᠭᠤᠴᠢᠨ ᠭᠡᠷ᠂ ᠫᠢᠩ ᠴᠢᠤᠸᠠᠨ ᠵᠧᠤ᠂ ᠨᠢᠶᠧ ᠮᠧᠨ ᠽᠢ ᠵᠡᠷᠭᠡ ᠭᠠᠵᠠᠷ ᠤᠨ ᠺᠠᠲ᠋ᠤᠯᠢᠭ ᠱᠠᠰᠢᠨ ᠤ ᠲᠤᠭᠠᠩ ᠤᠳ ᠤᠨ ᠵᠠᠷᠢᠮ ᠨᠢ ᠡᠪᠳᠡᠭᠳᠡᠵᠡᠢ᠃ ᠭᠡᠪᠡᠴᠦ ᠪᠦᠬᠦ ᠬᠡᠷᠡᠭ ᠦᠨ ᠶᠠᠪᠤᠴᠠ ᠪᠤᠯᠤᠨ ᠪᠤᠳᠠᠲᠤ ᠬᠡᠷᠡᠭ ᠦᠳ ᠶᠢᠨ ᠳ᠋ᠠᠨ ᠳ᠋ᠤᠤ ᠶᠢᠨ ᠬᠡᠷᠡᠭ ᠦᠨ ᠭᠤᠤᠯ ᠰᠢᠨᠵᠢ ᠴᠢᠨᠠᠷ ᠪᠤᠯ ᠶᠠᠭᠠᠬᠢᠭᠰᠠᠨ ᠴᠤ 《ᠬᠠᠷᠢ ᠶᠢᠨ ᠱᠠᠰᠢᠨ ᠢ ᠡᠰᠡᠷᠭᠦᠴᠡᠭᠰᠡᠨ》ᠶᠠᠪᠤᠳᠠᠯ ᠪᠢᠰᠢ ᠭᠡᠭ᠍ᠴᠢ ᠶᠢ ᠭᠡᠷᠡᠴᠢᠯᠡᠵᠦ ᠪᠠᠢ᠌ᠨ᠎ᠠ᠃ ᠲᠡᠭᠦᠨ ᠦ 《ᠬᠠᠷᠢ ᠶᠢᠨ ᠱᠠᠰᠢᠨ ᠢ ᠡᠰᠡᠷᠭᠦᠴᠡᠭᠰᠡᠨ》ᠪᠤᠶᠤ 《ᠳᠦᠷᠢᠮᠡᠭᠡᠢ᠌ᠯᠡᠯ ᠢ ᠡᠰᠡᠷᠭᠦᠴᠡᠭᠰᠡᠨ》ᠰᠢᠨᠵᠢ ᠴᠢᠨᠠᠷ ᠢ ᠨᠢ ᠦᠰᠭᠡᠨ ᠲᠦᠰᠭᠡᠨ ᠲᠡᠢ ᠶᠠᠷᠢᠬᠤ ᠪᠤᠯ ᠲᠡᠦᠬᠡ ᠶᠢᠨ ᠦᠨᠡᠨ ᠳᠦ ᠦᠯᠦ ᠨᠡᠢ᠌ᠴᠡᠬᠦ ᠶᠠᠪᠤᠳᠠᠯ ᠪᠤᠯᠤᠨ᠎ᠠ᠃
Original Literature View Original Paper
出自 内蒙古大学学报 2011年 第4期

联系我们


内蒙古大学图书馆
呼和浩特市大学西路235号
中国·内蒙古
P: (0471) 4992561
E: huangfeilong@imu.edu.cn