Paper Information


Title ᠮᠤᠩᠭ᠋ᠤᠯ ᠡᠮ ᠬᠦᠭᠡ ᠭᠠᠷᠤᠳᠢ - 9  ᠶᠢᠨ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠰᠤᠳᠤᠯᠭ᠎ᠠ
Creator ᠪᠠᠢ ᠢᠦᠢ ᠰᠢᠶᠠ; ᠰᠡᠷᠢᠭᠦᠨᠴᠡᠴᠡᠭ
Keyword ᠬᠦᠬᠡ ᠭᠠᠷᠤᠳᠢ ﹣9; ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ
Abstract ᠮᠤᠩᠭ᠋ᠤᠯ ᠡᠮ ᠬᠦᠬᠡ ᠭᠠᠷᠤᠳᠢ ﹣9 ᠶᠢᠨ ᠪᠦᠷᠢᠯᠳᠦᠬᠦᠨ ᠪᠤᠯᠬᠤ ᠠᠷᠤᠷ᠎ᠠ᠂ ᠬᠤᠩᠭ᠋ᠤᠯᠵᠤᠤᠷ᠂ ᠮᠡᠺᠡᠷ᠂ ᠬᠤᠩᠯᠸᠠ᠂ ᠲᠡᠯᠭᠡᠬᠦ ᠴᠠᠭ ᠠᠬᠤᠷ᠂ ᠴᠠᠭᠠᠨ ᠰᠤᠷᠤᠯᠤ᠂ ᠱᠠᠭᠠᠵᠠᠭᠠᠢ ᠶᠢᠨ ᠰᠠᠪᠠᠷ᠂ ᠮᠠᠨᠤ ᠶᠢ ᠲᠤᠰ ᠲᠤᠰ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ ᠪᠡᠷ ᠢᠯᠭᠠᠨ ᠲᠠᠨᠢᠬᠤ ᠳᠤ ᠲᠤᠷᠰᠢᠯᠳᠠ ᠶᠢᠨ ᠪᠠᠷᠢᠮᠳᠠ ᠶᠢ ᠬᠠᠩᠭ᠋ᠠᠨ᠎ᠠ᠃ ᠠᠷᠭ᠎ᠠ᠄ ᠨᠢᠮᠭᠡᠨ ᠲᠠᠪᠬᠤᠷᠭᠠᠳᠤ ᠦᠩᠭᠡ ᠵᠠᠰᠠᠯ ᠤᠨ ᠠᠷᠭ᠎ᠠ ᠪᠡᠷ ᠴᠢᠨᠠᠷ ᠤᠨ ᠠᠨᠠᠯᠢᠰ ᠬᠢᠬᠦ ᠳᠡᠭᠡᠨ ᠬᠠᠮᠢᠶ᠎ᠠ ᠪᠦᠬᠦᠢ ᠰᠤᠷᠪᠤᠯᠵᠢ ᠪᠢᠴᠢᠭ᠌ ᠢ ᠦᠨᠳᠦᠰᠦᠯᠡᠨ ᠨᠠᠢ᠌ᠷᠠᠯᠭ᠎ᠠ ᠳᠤ ᠤᠷᠤᠭᠰᠠᠨ ᠬᠦᠯ ᠡᠮ ᠤ ᠲᠡᠯᠭᠡᠭ᠍ᠴᠢ ᠰᠢᠰᠲ᠋ᠸᠮ ᠰᠤᠩᠭ᠋ᠤᠵᠤ᠂ ᠬᠦᠬᠡ ᠭᠠᠷᠤᠳᠢ ﹣9 ᠶᠢᠨ ᠪᠦᠷᠢᠯᠳᠦᠬᠦᠨ ᠢ ᠲᠤᠰ ᠲᠤᠰ ᠪᠠᠷᠢᠮᠵᠢᠶ᠎ᠠ ᠬᠠᠷᠢᠴᠠᠭᠤᠯᠤᠭᠴᠢ ᠪᠤᠳᠠᠰ ᠲᠠᠢ ᠬᠠᠷᠢᠴᠠᠭᠤᠯᠤᠨ ᠢᠯᠭᠠᠨ ᠲᠠᠨᠢᠵᠤ᠂ ᠴᠢᠨᠠᠷ ᠤᠨ ᠲᠠᠯ᠎ᠠ ᠪᠡᠷ ᠨᠢ ᠢᠯᠭᠠᠪᠤᠷᠢᠯᠠᠪᠠ᠃ ᠦᠷ᠎ᠡ ᠳ᠋ᠦᠩ᠄ ᠬᠦᠭᠡ ᠭᠠᠷᠤᠳᠢ﹣9 ᠶᠢᠨ ᠪᠦᠷᠢᠯᠳᠦᠬᠦᠨ ᠠᠷᠤᠷ᠎ᠠ᠂ ᠬᠤᠩᠭ᠋ᠤᠯᠵᠤᠤᠷ᠂ ᠮᠡᠭᠡᠷ᠂ ᠬᠤᠩᠯᠸᠠ᠂ ᠴᠠᠭᠠᠨ ᠰᠤᠷᠤᠯᠤ᠂ ᠱᠠᠭᠠᠵᠠᠭᠠᠢ ᠶᠢᠨ ᠰᠡᠪᠡᠷ᠂ ᠮᠠᠨᠤ ᠶᠢ ᠲᠤᠰ ᠲᠤᠰ ᠢᠯᠭᠠᠨ ᠲᠠᠨᠢᠭᠰᠠᠨ ᠳ᠋ᠦᠩ ᠳᠤ᠂ ᠦᠯᠢᠭᠡᠷ ᠦᠢᠯᠡᠳᠬᠦᠨ ᠪᠠ ᠬᠠᠷᠢᠴᠠᠭᠤᠯᠤᠭᠴᠢ ᠪᠤᠳᠠᠰ ᠤᠨ ᠬᠠᠷᠠᠭᠠᠯᠵᠠᠭᠰᠠᠨ ᠪᠠᠢ᠌ᠷᠢᠨ ᠳᠤ ᠤᠨᠴᠠᠯᠢᠭ ᠲᠤᠯᠪᠤ ᠢᠯᠡᠷᠡᠵᠦ᠂ ᠬᠠᠷᠢᠴᠠᠭᠤᠯᠤᠭᠴᠢ ᠪᠤᠳᠠᠰ ᠯᠤᠭ᠎ᠠ ᠶᠢᠨ ᠬᠠᠷᠠᠭᠠᠯᠵᠠᠭᠰᠠᠨ ᠲᠤᠯᠪᠤ ᠶᠢᠨ Rf ᠬᠡᠮᠵᠢᠭ᠍ᠳᠡᠯ ᠨᠢ ᠲᠤᠬᠢᠷᠠᠮᠵᠢᠳᠠᠢ᠂ ᠬᠤᠭᠤᠰᠤᠨ ᠬᠠᠷᠢᠴᠠᠭᠤᠯᠤᠭᠴᠢ ᠨᠠᠢ᠌ᠷᠠᠯᠭ᠎ᠠ ᠶᠢᠨ ᠬᠠᠷᠠᠭᠠᠯᠵᠠᠭᠰᠠᠨ ᠪᠠᠢ᠌ᠷᠢᠨ ᠳᠤ ᠬᠠᠷᠰᠢᠯᠠᠯ ᠦᠭᠡᠢ᠃ ᠳ᠋ᠦᠩᠨᠡᠯᠳᠡ᠄ ᠡᠳᠡᠭᠡᠷ ᠡᠮᠳᠦ ᠪᠤᠳᠠᠰ ᠲᠤ ᠪᠠᠢ᠌ᠭᠤᠯᠤᠭᠰᠠᠨ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ ᠨᠢ ᠰᠤᠷᠭᠤᠭᠴᠠ ᠨᠢ ᠦᠨᠳᠦᠷ ᠪᠦᠭᠡᠳ ᠦᠩᠭᠡ ᠢᠯᠡᠷᠡᠬᠦ ᠨᠢ ᠬᠢᠯᠪᠡᠷ᠂ ᠢᠯᠭᠠᠷᠠᠯᠳᠠ ᠪᠡᠷ ᠰᠠᠢ᠌ᠨ ᠪᠠᠢ᠌ᠳᠠᠭ᠃
Original Literature View Original Paper
出自 内蒙古民族大学学报(蒙医药学) 2013年 第2期

联系我们


内蒙古大学图书馆
呼和浩特市大学西路235号
中国·内蒙古
P: (0471) 4992561
E: huangfeilong@imu.edu.cn