Title |
ᠵᠤᠢᠷ ᠰᠡᠴᠡᠨ ᠦᠭᠡ ᠵᠤᠬᠢᠶᠠᠯ ᠤᠨ ᠬᠡᠯᠡᠨ ᠦ ᠬᠦᠷᠦᠰᠦ ᠰᠢᠷᠦᠢ ᠪᠤᠯᠬᠤ ᠲᠤᠬᠠᠢ — ᠢᠨᠵᠠᠨᠨ᠋ᠠᠰᠢ ᠶᠢᠨ ᠵᠤᠢᠷ᠂ ᠰᠡᠴᠡᠨ᠂ ᠰᠤᠷᠭ᠋ᠠᠯ ᠦᠭᠡ ᠶᠢ ᠬᠡᠷᠡᠭᠯᠡᠭᠰᠡᠨ ᠠᠷᠭ᠎ᠠ ᠪᠠᠷᠢᠯ |
Creator |
ᠳ᠋ᠧᠰᠧᠷᠡᠢᠵᠠᠪ |
Keyword |
|
Abstract |
ᠢᠨᠵᠠᠨᠨ᠋ᠠᠰᠢ ᠶᠢᠨ ᠵᠤᠬᠢᠶᠠᠯ ᠤᠨ ᠬᠡᠯᠡ ᠬᠡᠯᠡᠯᠭᠡ ᠶᠢᠨ ᠬᠤᠷᠴᠠ ᠪᠠᠶᠠᠯᠢᠭ᠂ ᠤᠷᠠᠨ ᠳᠦᠷᠰᠦᠯᠢᠭ᠂ ᠠᠢᠵᠠᠮ ᠴᠤᠬᠢᠯᠭ᠎ᠠ ᠲᠠᠢ ᠪᠦᠭᠡᠳ ᠲᠤᠪᠴᠢ ᠣᠨ᠋ᠣᠪᠴᠢᠲᠠᠢ ᠪᠠᠢᠬᠤ ᠨᠢ ᠣᠯᠠᠨ ᠲᠠᠯ᠎ᠠ ᠶᠢᠨ ᠨᠦᠬᠦᠴᠡᠯ ᠦᠨ ᠰᠢᠯᠳᠠᠭ᠋ᠠᠯᠠᠪᠠᠴᠤ ᠠᠷᠠᠳ ᠤᠨ ᠪᠠ ᠪᠢᠴᠢᠭ ᠦᠨ ᠵᠤᠬᠢᠶᠠᠯ ᠳᠤᠲᠤᠷ᠎ᠠ ᠤᠯᠠᠮᠵᠢᠯᠠᠨ ᠲᠡᠮᠳᠡᠭᠯᠡᠯᠭᠰᠡᠨ ᠵᠤᠢᠷ᠂ ᠰᠡᠴᠡᠨ᠂ ᠰᠤᠷᠭ᠋ᠠᠯ ᠦᠭᠡ ᠶᠢ ᠤᠷᠠᠨ ᠬᠡᠷᠡᠭᠯᠡᠵᠦ᠂ ᠡᠭᠦᠨ ᠦ ᠰᠠᠭ᠋ᠤᠷᠢᠨ ᠳᠡᠭᠡᠷ᠎ᠡ ᠤᠯᠠᠮᠵᠢᠯᠠᠨ ᠠᠰᠢᠭᠯᠠᠵᠤ ᠦᠭᠡᠳᠡᠴᠢᠯᠡᠨ ᠵᠤᠬᠢᠶᠠᠭᠰᠠᠨ ᠨᠢ ᠭᠠᠢᠬᠠᠯᠲᠠᠢ᠃ (ᠨᠢᠭᠡ) ᠵᠤᠬᠢᠶᠠᠯ ᠤᠨ ᠪᠠᠭ᠋ᠠᠲᠤᠷ ᠳᠦᠷᠢ ᠶᠢ ᠲᠤᠳᠤ ᠳᠤᠪᠤᠭ᠋ᠤᠷ ᠪᠦᠲᠦᠭᠡᠬᠦ ᠳᠡᠭᠡᠨ᠂ (ᠬᠤᠶᠠᠷ) ᠵᠤᠬᠢᠶᠠᠯ ᠤᠨ ᠪᠠᠭ᠋ᠠᠲᠤᠷ ᠤᠨ ᠬᠤᠭ᠋ᠤᠷᠤᠨᠳᠤᠬᠢ ᠬᠠᠷᠢᠴᠠᠭ᠎ᠠ ᠪᠠᠷ ᠵᠠᠩ ᠴᠢᠨ᠋ᠠᠷ ᠢ ᠵᠤᠢᠴᠢᠯᠡᠵᠦ᠂ ᠦᠢᠯᠡ ᠶᠠᠪᠤᠳᠠᠯ ᠢᠶᠠᠨ ᠤᠯᠠᠷᠢᠭ᠋ᠤᠯᠤᠨ᠂ ᠵᠤᠬᠢᠶᠠᠮᠵᠢ ᠪᠠᠨ ᠤᠷᠠᠨ ᠴᠢᠳᠠᠮᠠᠭ᠋ᠠᠢ ᠪᠠᠢᠷᠢᠯᠠᠭ᠋ᠤᠯᠬᠤ ᠳᠤ᠂ (ᠭᠤᠷᠪᠠ) ᠤᠷᠢᠳᠠᠬᠢ ᠬᠦᠮᠦᠰ ᠦᠨ ᠦᠯᠡᠳᠡᠭᠡᠭᠰᠡᠨ ᠰᠢᠮ᠎ᠡ ᠲᠡᠢ ᠵᠤᠢᠯ ᠢ ᠰᠢᠩᠭᠡᠭᠡᠨ ᠠᠪᠴᠤ ᠰᠢᠯᠢᠳᠡᠭᠵᠢᠭᠦᠯᠦᠨ ᠴᠢᠨ᠋ᠠᠷᠴᠢᠭ᠋ᠤᠯᠬᠤ ᠳᠠᠭ᠋ᠠᠨ᠂ (ᠳᠦᠷᠪᠡ) ᠦᠨᠳᠦᠰᠦᠲᠡᠨ ᠦ ᠰᠤᠶᠤᠯ ᠤᠨ ᠦᠪ ᠤᠯᠠᠮᠵᠢᠯᠠᠯ ᠢᠶᠠᠨ ᠠᠰᠢᠭᠯᠠᠵᠤ᠂ ᠬᠡᠯᠡᠨ ᠦ ᠪᠠᠶᠠᠯᠢᠭᠵᠢᠯ ᠢᠶᠠᠨ ᠪᠤᠯᠪᠠᠰᠤᠷᠠᠭ᠋ᠤᠯᠬᠤ ᠳᠤ ᠴᠦᠮ ᠵᠤᠢᠷ᠂ ᠰᠡᠴᠡᠨ᠂ ᠰᠤᠷᠭ᠋ᠠᠯ ᠦᠭᠡ ᠶᠢᠨ ᠦᠪ ᠠᠭ᠋ᠤᠷᠬᠠᠢ ᠶᠢ ᠦᠨ᠋ᠡᠨᠴᠢ ᠬᠢᠴᠢᠶᠡᠩᠭᠦᠢ ᠬᠠᠢᠨ ᠨᠡᠭᠡᠭᠡᠵᠦ᠂ ᠰᠢᠷᠭ᠋ᠠᠭ᠋ᠤ ᠬᠠᠲᠠᠭ᠋ᠤᠵᠢᠯᠲᠠᠢ ᠰᠢᠮᠳᠡᠨ ᠪᠤᠯᠪᠠᠰᠤᠷᠠᠭ᠋ᠤᠯᠬᠤ ᠪᠢᠯᠡ᠃ |
Original Literature |
No Original Paper
|
出自 |
内蒙古民族大学学报(社会科学)
1985年
第3期
|