Paper Information


Title ᠬᠠᠲᠠᠭᠤᠯᠢᠭ ᠬᠠᠭᠤᠷᠤᠭᠰᠠᠨ ᠠᠮᠤ ᠶᠢ ᠪᠤᠯᠪᠠᠰᠤᠷᠠᠭᠤᠯᠬᠤ ᠮᠡᠷᠭᠡᠵᠢᠯ ᠦᠨ ᠵᠠᠳᠠᠯᠤᠯᠲᠠ
Creator ᠲᠤᠶᠠᠭ᠎ᠠ; ᠳ᠋ᠦ᠋ ᠸᠧᠨ ᠯᠢᠶᠠᠩ; ᠤᠶᠤᠨᠲᠠᠨ᠎ᠠ
Keyword ᠬᠠᠲᠠᠭᠤᠯᠢᠭ ᠬᠠᠭᠤᠷᠤᠭᠰᠠᠨ ᠠᠮᠤ; ᠪᠤᠯᠪᠠᠰᠤᠷᠠᠭᠤᠯᠬᠤ ᠮᠡᠷᠭᠡᠵᠢᠯ; ᠲᠤᠷᠰᠢᠯᠲᠠ ᠶᠢᠨ ᠡᠯᠧᠮᠧᠨ᠋ᠲ
Abstract ᠬᠠᠭᠤᠷᠤᠭᠰᠠᠨ ᠠᠮᠤ ᠶᠢ ᠪᠤᠯᠪᠠᠰᠤᠷᠠᠭᠤᠯᠬᠤ ᠶᠠᠪᠤᠴᠠ ᠳᠤ ᠳᠡᠪᠲᠦᠭᠡᠬᠦ ᠤᠰᠤᠨ ᠤ ᠬᠡᠮᠵᠢᠶ᠎ᠡ (ᠳᠤᠷᠤᠭᠴᠢ ᠳᠡᠪᠲᠦᠭᠡᠬᠦ ᠳᠤᠯᠠᠭᠠᠨ ᠭᠡᠨ᠎ᠡ)᠂ ᠳᠡᠪᠲᠡᠭᠡᠬᠦ ᠴᠠᠭ᠂ ᠵᠢᠩᠨᠡᠬᠦ ᠴᠠᠭ ᠪᠠ ᠬᠠᠭᠤᠷᠬᠤ ᠬᠠᠯᠠᠭᠤᠨ ᠤ ᠬᠡᠮᠵᠢᠶ᠎ᠡ ᠪᠡᠷ ᠲᠤᠷᠰᠢᠯᠲᠠ ᠶᠢᠨ ᠡᠯᠧᠮᠧᠨ᠋ᠲ ᠪᠤᠯᠭᠠᠵᠤ᠂ ᠤᠰᠤ ᠰᠡᠷᠭᠦᠬᠦ ᠴᠠᠭ᠂ ᠰᠠᠷᠠᠯ ᠤᠨ ᠦᠨᠡᠯᠡᠯᠲᠡ ᠪᠡ ᠪᠤᠳᠠᠭ᠎ᠠ ᠭᠠᠷᠬᠤ ᠨᠤᠷᠮ᠎ᠠ ᠪᠠᠷ ᠴᠢᠳᠠᠪᠬᠢᠵᠢᠭᠤᠯᠤᠨ ᠦᠨᠡᠯᠡᠬᠦ ᠭᠦᠢᠴᠡᠳᠭᠡᠯ ᠪᠤᠯᠭᠠᠨ᠂ ᠬᠤᠶᠠᠷ ᠤᠳᠠᠭ᠎ᠠ ᠶᠢᠨ ᠡᠭᠴᠡ ᠣᠭᠲᠤᠯᠤᠯᠴᠠᠬᠤ ᠡᠷᠭᠢᠭᠦᠯᠭᠡᠨ ᠪᠠᠭ ᠤᠨ ᠵᠢᠷᠤᠭ ᠪᠦᠷᠢᠯᠳᠦᠭᠦᠯᠵᠡᠢ᠃ ᠡᠭᠦᠨ ᠦ ᠬᠠᠮᠲᠤ᠂ ᠵᠢᠷᠤᠭ ᠤᠨ ᠵᠠᠳᠠᠯᠤᠯᠲᠠ ᠪᠠᠷ ᠳᠠᠮᠵᠢᠨ᠂ ᠵᠠᠭᠪᠤᠷ ᠤᠨ ᠡᠯ᠎ᠡ ᠡᠯᠧᠮᠧᠨ᠋ᠲ ᠨᠢ ᠴᠢᠳᠠᠪᠬᠢᠲᠤ ᠭᠦᠢᠴᠡᠳᠭᠡᠯ ᠳᠦ ᠦᠵᠡᠭᠦᠯᠬᠦ ᠨᠦᠯᠦᠭᠡᠨ ᠦ ᠵᠢᠮ᠎ᠡ ᠶᠤᠰᠤ ᠶᠢ ᠵᠠᠳᠠᠯᠵᠤ᠂ ᠬᠠᠳᠠᠭᠤᠯᠢᠭ ᠬᠠᠭᠤᠷᠤᠭᠰᠠᠨ ᠠᠮᠤ ᠶᠢᠨ ᠴᠢᠨᠠᠷ ᠢ ᠨᠦᠯᠦᠭᠡᠯᠡᠬᠦ ᠪᠤᠯᠪᠠᠰᠤᠷᠠᠭᠤᠯᠬᠤ ᠮᠡᠷᠭᠡᠵᠢᠯ ᠦᠨ ᠡᠯᠧᠮᠧᠨ᠋ᠲ ᠪᠠ ᠭᠦᠢᠴᠡᠳᠭᠡᠯ ᠦᠨ ᠬᠤᠭᠤᠷᠤᠨᠳᠤᠬᠢ ᠬᠠᠷᠢᠴᠠᠭ᠎ᠠ ᠶᠢ ᠢᠯᠡᠷᠡᠭᠦᠯᠦᠨ᠂ ᠬᠠᠲᠠᠭᠤᠯᠢᠭ ᠬᠠᠭᠤᠷᠤᠭᠰᠠᠨ ᠠᠮᠤ ᠶᠢ ᠮᠧᠬᠠᠨᠢᠭᠵᠢᠭᠤᠯᠤᠨ ᠦᠢᠯᠡᠳᠪᠦᠷᠢᠯᠡᠬᠦ ᠳᠦ ᠣᠨᠣᠯ ᠤᠨ ᠪᠠᠷᠢᠮᠲᠠ ᠬᠠᠩᠭᠠᠵᠠᠢ᠃
Original Literature No Original Paper
出自 内蒙古师范大学学报(自然科学蒙古文版) 2014年 第4期

联系我们


内蒙古大学图书馆
呼和浩特市大学西路235号
中国·内蒙古
P: (0471) 4992561
E: huangfeilong@imu.edu.cn