Paper Information


Title 《ᠮᠣᠩᠭᠤᠯ ᠬᠡᠯᠡᠨ ᠦ ᠬᠡᠯᠡᠴᠡ ᠶᠢᠨ ᠮᠡᠳᠡᠯᠭᠡ ᠶᠢᠨ ᠬᠦᠮᠦᠷᠭᠡ》 ᠶᠢᠨ ᠣᠨᠴᠠᠯᠢᠭ ᠤᠨ ᠲᠠᠰᠤᠯᠪᠤᠷᠢ ᠬᠢᠭᠡᠳ ᠲᠡᠭᠦᠨ ᠦ ᠬᠡᠷᠡᠭᠯᠡᠭᠡᠨ ᠦ ᠰᠢᠨᠵᠢ ᠶᠢᠨ ᠲᠤᠬᠠᠢ
Creator ᠬᠠᠢ ᠶᠢᠨ ᠬᠤᠸᠠ
Keyword ᠮᠣᠩᠭᠤᠯ ᠬᠡᠯᠡ; ᠬᠡᠯᠡᠴᠡ; ᠮᠡᠳᠡᠯᠭᠡ ᠶᠢᠨ ᠬᠦᠮᠦᠷᠭᠡ; ᠣᠨᠴᠠᠯᠢᠭ ᠤᠨ ᠲᠠᠰᠤᠯᠪᠤᠷᠢ; ᠬᠡᠷᠡᠭᠯᠡᠭᠡ
Abstract ᠮᠣᠩᠭᠤᠯ ᠬᠡᠯᠡ ᠪᠢᠴᠢᠭ ᠦᠨ ᠰᠤᠷᠠᠭ ᠵᠠᠩᠭᠢ ᠰᠢᠢᠳᠪᠦᠷᠢᠯᠡᠯᠲᠡ ᠶᠢᠨ ᠬᠤᠪᠢ ᠳᠤ ᠠᠪᠴᠤ ᠬᠡᠯᠡᠪᠡᠯ᠂ ᠬᠡᠯᠡᠴᠡ ᠨᠢ ᠮᠣᠩᠭᠤᠯ ᠬᠡᠯᠡᠨ ᠦ ᠣᠯᠠᠨ ᠳᠡᠰ ᠳᠠᠪᠬᠤᠷᠭᠠᠲᠤ᠂ ᠪᠤᠳᠤᠯᠢᠶᠠᠨᠲᠤ ᠰᠢᠰᠲ᠋ᠧᠮ ᠦᠨ ᠣᠨᠴᠠᠭᠠᠢ ᠨᠢᠭᠡ ᠨᠢᠭᠡᠴᠢ ᠪᠤᠯᠤᠨ᠎ᠠ᠂ ᠲᠡᠷᠡ ᠨᠢ ᠦᠭᠡ ᠰᠢᠢᠳᠪᠦᠷᠢᠯᠡᠯᠲᠡ ᠪᠡ ᠦᠭᠦᠯᠡᠪᠦᠷᠢ ᠰᠢᠢᠳᠪᠦᠷᠢᠯᠡᠯᠲᠡ ᠶᠢ ᠬᠦᠨᠳᠡᠯᠢᠰᠴᠦ ᠪᠠᠢᠳᠠᠭ ᠠᠴᠠ ᠲᠡᠭᠦᠨ ᠦ ᠲᠤᠬᠠᠢ ᠰᠤᠳᠤᠯᠭᠠᠨ ᠶᠡᠷᠦ ᠨᠢ ᠭᠦᠨᠵᠡᠭᠡᠶᠢᠷᠡᠵᠦ ᠴᠢᠳᠠᠭ᠎ᠠ ᠦᠭᠡᠢ ᠪᠠᠢᠨ᠎ᠠ᠃ ᠨᠡᠢᠭᠡᠮ ᠦᠨ ᠰᠤᠷᠠᠭ ᠵᠠᠩᠭᠢᠵᠢᠬᠤ ᠶᠢ ᠳᠠᠭᠠᠯᠳᠤᠨ᠂ 《ᠮᠣᠩᠭᠤᠯ ᠬᠡᠯᠡᠨ ᠦ ᠬᠡᠯᠡᠴᠡ ᠶᠢᠨ ᠮᠡᠳᠡᠯᠭᠡ ᠶᠢᠨ ᠬᠦᠮᠦᠷᠭᠡ》 ᠶᠢ ᠴᠤᠭᠴᠠᠯᠠᠬᠤ ᠨᠢ ᠮᠣᠩᠭᠤᠯ ᠬᠡᠯᠡᠴᠡ ᠶᠢ ᠴᠤᠭᠯᠠᠭᠤᠯᠵᠤ ᠬᠠᠳᠠᠭᠠᠯᠠᠬᠤ ᠪᠠ ᠰᠤᠳᠤᠯᠵᠤ ᠠᠰᠢᠭᠯᠠᠬᠤ ᠬᠠᠮᠤᠭ ᠤᠨ ᠰᠢᠨ᠎ᠡ᠂ ᠬᠠᠮᠤᠭ ᠤᠨ ᠪᠦᠲᠦᠮᠵᠢᠲᠡᠢ ᠠᠷᠭ ᠠ ᠪᠤᠯᠤᠭᠰᠠᠨ ᠪᠦᠭᠡᠳ ᠲᠡᠷᠡ ᠨᠢ ᠬᠡᠯᠡ ᠪᠢᠴᠢᠭ ᠦᠨ ᠰᠤᠷᠠᠭ ᠵᠠᠩᠭᠢ ᠰᠢᠢᠳᠪᠦᠷᠢᠯᠡᠯᠲᠡ ᠶᠢᠨ ᠣᠯᠠᠨ ᠲᠠᠯ᠎ᠠ ᠶᠢᠨ ᠬᠡᠷᠡᠭᠯᠡᠭᠡᠨ ᠳᠦ ᠰᠠᠭᠤᠷᠢ ᠡᠬᠢ ᠪᠠᠶᠠᠯᠢᠭ ᠬᠠᠩᠭᠠᠵᠤ ᠪᠠᠢᠳᠠᠭ ᠤᠴᠢᠷ ᠬᠡᠯᠡ ᠪᠢᠴᠢᠭ ᠦᠨ ᠵᠢᠭᠠᠨ ᠰᠤᠷᠭᠠᠯᠲᠠ ᠳᠤ ᠮᠠᠰᠢ ᠴᠢᠬᠤᠯᠠ ᠦᠨ᠎ᠡ ᠦᠷᠲᠡᠭ ᠲᠡᠢ ᠶᠤᠮ᠃ ᠦᠭᠦᠯᠡᠯ ᠳᠦ ᠲᠤᠰ ᠮᠡᠳᠡᠯᠭᠡ ᠶᠢᠨ ᠬᠦᠮᠦᠷᠭᠡ ᠶᠢ ᠴᠤᠭᠴᠠᠯᠠᠬᠤ ᠳᠤ ᠲᠤᠭᠲᠠᠭᠠᠭᠰᠠᠨ ᠣᠨᠴᠠᠯᠢᠭ ᠤᠨ ᠲᠠᠰᠤᠯᠪᠤᠷᠢ ᠬᠢᠭᠡᠳ ᠲᠡᠳᠡᠭᠡᠷ ᠦᠨ ᠲᠤᠰ ᠪᠦᠷᠢ ᠶᠢᠨ ᠦᠨᠳᠦᠰᠦᠯᠡᠯ ᠪᠠᠷᠢᠮᠲᠠ ᠶᠢ ᠲᠤᠭᠠᠴᠢᠨ ᠲᠠᠨᠢᠯᠴᠠᠭᠤᠯᠵᠤ᠂ ᠲᠡᠭᠦᠨ ᠦ ᠬᠤᠵᠢᠮ ᠢᠷᠡᠭᠡᠳᠦᠢ ᠳᠦ ᠦᠵᠡᠭᠦᠯᠬᠦ ᠬᠡᠷᠡᠭᠯᠡᠭᠡᠨ ᠦ ᠦᠨ᠎ᠡ ᠦᠷᠲᠡᠭ ᠢ ᠳᠦᠭᠦᠮ ᠵᠠᠳᠠᠯᠤᠨ ᠦᠭᠦᠯᠡᠪᠡ᠃
Original Literature No Original Paper
出自 内蒙古大学学报 2014年 第6期

联系我们


内蒙古大学图书馆
呼和浩特市大学西路235号
中国·内蒙古
P: (0471) 4992561
E: huangfeilong@imu.edu.cn