Paper Information


Title 《ᠮᠣᠩᠭᠤᠯ ᠤᠨ ᠨᠢᠭ᠋ᠤᠴᠠ ᠲᠤᠪᠴᠢᠶᠠᠨ》 ᠳᠠᠬᠢ 《ᠨᠤᠬᠠᠢ》 ᠶᠢᠨ ᠲᠤᠬᠠᠢ ᠰᠢᠨᠵᠢᠯᠡᠯᠲᠡ
Creator ᠡᠷᠳᠡᠮᠲᠦ
Keyword
Abstract ᠴᠢᠩᠭᠢᠰ ᠬᠠᠭ᠋ᠠᠨ 《ᠳᠦᠷᠪᠡᠨ ᠬᠦᠯᠦᠭ》 ᠲᠠᠢ ᠪᠠᠨ ᠬᠠᠮᠲᠤ ᠴᠢᠬᠤᠯᠠᠴᠢᠯᠠᠨ ᠰᠠᠢᠰᠢᠶᠠᠵᠤ ᠪᠠᠢᠭᠰᠠᠨ 《ᠳᠦᠷᠪᠡᠨ ᠨᠤᠬᠠᠢ》 — ᠵᠠᠪᠠ᠂ ᠬᠤᠪᠢᠯᠠᠢ᠂ ᠵᠠᠯᠮ᠎ᠠ᠂ ᠰᠦᠪᠡᠭᠡᠲᠡᠢ ᠳᠦᠷᠪᠡᠭᠦᠯᠡ ᠶᠢᠨ 《ᠨᠤᠬᠠᠢ》 ᠭᠡᠳᠡᠭ ᠴᠤᠯᠠ ᠶᠢ ᠶᠠᠭ᠋ᠠᠬᠢᠵᠤ ᠦᠵᠡᠪᠡᠯ ᠵᠤᠬᠢᠯᠲᠠᠢ ᠪᠤᠢ ? 《ᠨᠤᠬᠠᠢ》 ᠭᠡᠳᠡᠭ ᠴᠤᠯᠠ ᠨᠢ 《ᠬᠦᠯᠦᠭ》 ᠯᠦᠭᠡ ᠠᠳᠠᠯᠢ ᠪᠠᠷ᠂ ᠡᠷᠲᠡᠨ ᠦ ᠠᠮᠢᠳᠤᠷᠠᠯ ᠪᠤᠯᠤᠨ ᠭᠤᠤ᠎ᠠ ᠰᠠᠢᠬᠠᠨ ᠤ ᠦᠵᠡᠯᠲᠡ ᠶᠢᠨ ᠤᠷᠠᠯᠢᠭ ᠤᠨ ᠪᠤᠯᠪᠠᠰᠤᠷᠠᠭ᠋ᠤᠯᠤᠯᠲᠠ ᠶᠢᠨ ᠠᠷᠭ᠎ᠠ ᠪᠠᠷ ᠳᠠᠮᠵᠢᠭᠰᠠᠨ ᠨᠢᠭᠡᠲᠦᠮᠡᠯ ᠴᠤᠭᠴᠠ ᠮᠦᠨ᠃ 《ᠨᠢᠭ᠋ᠤᠴᠠ ᠲᠤᠪᠴᠢᠶᠠᠨ》 ᠳᠤ ᠢᠯᠡᠷᠡᠨ ᠪᠦᠬᠦᠢ 《ᠬᠦᠯᠦᠭ》᠂ 《ᠨᠤᠬᠠᠢ》 ᠵᠡᠷᠭᠡ ᠠᠷᠢᠶᠠᠳᠠᠨᠴᠢᠯᠠᠭᠰᠠᠨ ᠵᠦᠢᠷᠯᠡᠯ ᠳᠦ᠂ ᠰᠡᠷᠡᠯ ᠦᠨ ᠰᠢᠭ᠋ᠤᠳ ᠪᠤᠳᠠᠲᠤ ᠬᠡᠯᠪᠡᠷᠢ ᠲᠤᠳᠤᠷᠬᠠᠢ ᠪᠠᠢᠬᠤ ᠡᠷᠲᠡᠨ ᠦ ᠮᠣᠩᠭᠤᠯᠴᠤᠳ ᠤᠨ ᠭᠤᠤ᠎ᠠ ᠵᠦᠢ ᠶᠢᠨ ᠦᠵᠡᠯᠲᠡ ᠮᠡᠳᠡᠭᠳᠡᠨ᠎ᠡ᠃ ᠡᠳᠡᠭᠡᠷ ᠰᠡᠷᠡᠯ ᠦᠨ ᠪᠤᠳᠠᠲᠤ ᠬᠡᠯᠪᠡᠷᠢ ᠶᠢᠨ ᠭᠤᠤ᠎ᠠ ᠵᠦᠢᠷᠯᠡᠰ ᠡᠴᠡ ᠲᠡᠭᠦᠨ ᠳᠦ ᠠᠬᠤᠭ᠋ᠤᠯᠤᠭᠳᠠᠵᠤ ᠪᠠᠢᠭ᠎ᠠ ᠭᠤᠤ᠎ᠠ ᠵᠦᠢ ᠶᠢᠨ ᠦᠵᠡᠯ ᠰᠠᠨ᠋ᠠᠭ᠎ᠠ ᠶᠢ ᠨᠢ ᠲᠠᠨ᠋ᠢᠵᠤ ᠪᠤᠯᠬᠤ ᠪᠦᠭᠡᠳ ᠲᠡᠭᠦᠨ ᠢᠶᠡᠷ ᠳᠠᠮᠵᠢᠵᠤ ᠮᠣᠩᠭᠤᠯ ᠤᠨ ᠡᠷᠲᠡᠨ ᠦ ᠨᠡᠢᠭᠡᠮ ᠦᠨ ᠰᠢᠨᠵᠢ ᠴᠢᠨ᠋ᠠᠷ ᠢ ᠴᠤ ᠣᠢᠯᠠᠭ᠋ᠠᠵᠤ ᠪᠤᠯᠬᠤ ᠶᠤᠮ᠃
Original Literature No Original Paper
出自 内蒙古民族大学学报(社会科学) 1986年 第1期

联系我们


内蒙古大学图书馆
呼和浩特市大学西路235号
中国·内蒙古
P: (0471) 4992561
E: huangfeilong@imu.edu.cn