Paper Information


Title Banach ᠣᠭᠲᠠᠷᠭᠤᠢ ᠶᠢᠨ ᠭᠢᠯᠦᠭᠢᠷ ᠴᠢᠨᠠᠷ ᠤᠨ ᠣᠨᠴᠠᠯᠢᠭ ᠰᠢᠨᠵᠢ ᠶᠢ ᠰᠤᠳᠤᠯᠬᠤ ᠨᠢ
Creator ᠰᠤᠶᠤᠯᠲᠤ
Keyword Banach ᠣᠭᠲᠠᠷᠭᠤᠢ; ᠭᠢᠯᠦᠭᠡᠷ ᠴᠢᠨᠠᠷ
Abstract ᠲᠤᠰ ᠦᠭᠦᠯᠡᠯ ᠳᠦ Banach ᠣᠭᠲᠠᠷᠭᠤᠢ ᠶᠢᠨ ᠪᠠᠰᠠ ᠨᠢᠭᠡ ᠮᠠᠰᠢ ᠴᠢᠬᠤᠯᠠ ᠭᠸᠤᠮᠧᠲ᠋ᠷᠢ ᠶᠢᠨ ᠰᠢᠨᠵᠢ ᠴᠢᠨᠠᠷ ᠎— ᠭᠢᠯᠦᠭᠡᠷ ᠴᠢᠨᠠᠷ ᠢ ᠰᠢᠰᠲ᠋ᠧᠮ ᠲᠡᠢ ᠨᠠᠷᠢᠨ ᠨᠢᠭᠲᠠ ᠰᠤᠳᠤᠯᠵᠤ᠂ ᠭᠢᠯᠦᠭᠡᠷ ᠴᠢᠨᠠᠷ ᠤᠨ ᠰᠠᠴᠠᠭᠤ ᠨᠦᠬᠦᠴᠡᠯ ᠢ ᠨᠡᠯᠢᠶᠡᠳ ᠣᠯᠠᠨ ᠢ ᠮᠦᠷᠳᠡᠨ ᠣᠯᠵᠠᠢ᠃ ᠦᠨᠡᠨ ᠳᠡᠭᠡᠨ ᠡᠳᠡᠭᠡᠷ ᠰᠠᠴᠠᠭᠤ ᠨᠦᠬᠦᠴᠡᠯ ᠦᠳ ᠨᠢ ᠶᠠᠭ ᠰᠠᠢ᠌ᠬᠠᠨ ᠵᠤᠬᠢᠶᠠᠭᠴᠢ ᠶᠢᠨ ᠦᠭᠦᠯᠡᠯ [1]᠋ ᠳᠤ ᠣᠯᠣᠭᠰᠠᠨ ᠴᠢᠩᠳᠠ ᠬᠦᠳᠦᠭᠦᠷ ᠴᠢᠨᠠᠷ ᠤᠨ ᠰᠠᠴᠠᠭᠤ ᠨᠦᠬᠦᠴᠡᠯ ᠦᠳ ᠲᠡᠢ ᠬᠤᠤᠰᠮᠠᠭ ᠪᠤᠯᠬᠤ ᠣᠨᠣᠯ ᠮᠦᠨ᠃ ᠡᠨᠳᠡ ᠣᠯᠣᠭᠰᠠᠨ ᠭᠢᠯᠦᠭᠡᠷ ᠴᠢᠨᠠᠷ ᠤᠨ ᠰᠠᠴᠠᠭᠤ ᠨᠦᠬᠦᠴᠡᠯ ᠦᠳ ᠦᠨ ᠳᠤᠲᠤᠷᠠᠬᠢ ᠳᠤᠷ᠎ᠠ ᠶᠢᠨ ᠨᠢᠭᠡ ᠪᠡᠷ ᠨᠢ ᠴᠦᠮ ᠭᠢᠯᠦᠭᠡᠷ Banach ᠣᠭᠲᠠᠷᠭᠤᠢ ᠶᠢᠨ ᠲᠤᠳᠤᠷᠬᠠᠢ᠌ᠯᠠᠯᠲᠠ ᠪᠤᠯᠭᠠᠵᠤ ᠪᠤᠯᠬᠤ ᠲᠤᠯᠠ ᠡᠳᠡᠭᠡᠷ ᠰᠠᠴᠠᠭᠤ ᠨᠦᠬᠦᠴᠡᠯ ᠦᠨ ᠣᠨᠴᠠᠯᠢᠭ ᠢᠶᠠᠷ ᠳᠠᠮᠵᠢᠨ᠂ ᠭᠢᠯᠦᠭᠡᠷ Banach ᠣᠭᠲᠠᠷᠭᠤᠢ ᠶᠢᠨ ᠲᠤᠰ ᠪᠡᠶ᠎ᠡ ᠶᠢᠨ ᠣᠨᠴᠠᠯᠢᠭ ᠰᠢᠨᠵᠢ ᠶᠢ ᠪᠢᠳᠡ ᠠᠳᠠᠯᠢ ᠪᠤᠰᠤ ᠡᠭᠦᠳᠡᠨ ᠡᠴᠡ ᠨᠠᠷᠢᠨ ᠲᠤᠳᠤᠷᠬᠠᠢ ᠣᠢ᠌ᠯᠠᠭᠠᠵᠤ ᠪᠤᠯᠤᠨ᠎ᠠ᠃
Original Literature View Original Paper
出自 内蒙古师范大学学报(自然科学蒙古文版) 2005年 第4期

联系我们


内蒙古大学图书馆
呼和浩特市大学西路235号
中国·内蒙古
P: (0471) 4992561
E: huangfeilong@imu.edu.cn