Title |
ᠪᠤᠷᠬᠠᠨ ᠦ ᠱᠠᠰᠢᠨ ᠦ ᠵᠠᠷᠯᠢᠭ ᠱᠠᠰᠳᠢᠷ ᠤᠨ ᠲᠤᠰᠠᠭᠠᠷ ᠵᠤᠬᠢᠶᠠᠯ ᠤᠨ ᠮᠣᠩᠭ᠋ᠣᠯᠴᠢᠯᠠᠭᠠ ᠶᠢᠨ ᠲᠤᠬᠠᠢ |
Creator |
ᠱᠠᠨ ᠬᠤᠸᠠ |
Keyword |
ᠪᠤᠷᠬᠠᠨ ᠦ ᠱᠠᠰᠢᠨ ; ᠵᠠᠷᠯᠢᠭ ᠱᠠᠰᠳᠢᠷ ᠤᠨ ᠲᠤᠰᠠᠭᠠᠷ ᠵᠤᠬᠢᠶᠠᠯ ; ᠮᠣᠩᠭ᠋ᠣᠯᠴᠢᠯᠠᠭᠠ |
Abstract |
ᠳᠤᠰ ᠦᠭᠦᠯᠡᠯ ᠳᠤ ᠶᠠᠷᠢᠵᠦ ᠪᠠᠢ᠌ᠭ᠎ᠠ ᠪᠤᠷᠬᠠᠨ ᠦ ᠱᠠᠰᠢᠨ ᠦ ᠵᠠᠷᠯᠢᠭ ᠱᠠᠰᠳᠢᠷ ᠤᠨ ᠲᠤᠰᠠᠭᠠᠷ ᠵᠤᠬᠢᠶᠠᠯ ᠤᠨ ᠮᠣᠩᠭ᠋ᠣᠯᠴᠢᠯᠠᠭᠠ ᠬᠡᠳᠡᠭ ᠪᠤᠯ ᠪᠤᠷᠬᠠᠨ ᠦ ᠱᠠᠰᠢᠨ ᠦ ᠰᠤᠷᠪᠤᠯᠵᠢ ᠪᠢᠴᠢᠭ᠌ ᠤᠨ ᠬᠤᠶᠠᠷ ᠲᠤᠮᠤ ᠡᠮᠬᠢᠳᠭᠡᠯ ᠪᠤᠯᠬᠤ 《ᠭᠠᠨᠵᠤᠤᠷ》᠂《ᠳ᠋ᠠᠨᠵᠤᠤᠷ》 ᠤᠨ ᠮᠣᠩᠭ᠋ᠣᠯᠢᠴᠯᠠᠭᠠ ᠶᠢᠨ ᠬᠤᠪᠢ ᠳᠤ ᠶᠠᠷᠢᠵᠦ ᠪᠠᠢ᠌ᠭ᠎ᠠ ᠬᠠᠷᠢᠴᠠᠩᠭ᠋ᠤᠢ ᠤᠬᠠᠭᠳᠠᠬᠤᠨ ᠪᠤᠯᠤᠨ᠎ᠡ᠃ ᠳᠡᠷᠡ ᠨᠢ ᠲᠦᠪᠡᠳ《ᠭᠠᠨᠵᠤᠤᠷ》᠂《ᠳ᠋ᠠᠨᠵᠤᠤᠷ》ᠳᠤᠳᠤᠷ ᠠ ᠡᠴᠡ ᠤᠷᠴᠢᠭᠤᠯᠤᠭᠳᠠᠭᠰᠠᠨ ᠪᠢᠰᠢ ᠂ ᠬᠠᠷᠢᠨ ᠳᠠᠩ ᠶᠢᠨᠷ ᠶᠢᠨᠨ ᠤᠯᠠᠮᠵᠢᠯᠠᠭᠳᠠᠵᠤ ᠪᠠᠢ᠌ᠭᠠᠳ ᠮᠣᠩᠭ᠋ᠣᠯᠴᠢᠯᠠᠭᠳᠠᠭᠰᠠᠨ ᠪᠤᠷᠬᠠᠨ ᠦ ᠱᠠᠰᠢᠨ ᠦ ᠵᠠᠷᠯᠢᠳ ᠱᠠᠰᠳᠢᠷ ᠪᠤᠯᠤᠨ᠎ᠠ᠃ ᠠᠷᠪᠠᠨ ᠲᠦᠷᠪᠡᠳᠦᠭᠡᠷ ᠵᠠᠭᠤᠨ ᠡᠴᠡ ᠠᠷᠪᠠᠨ ᠶᠢᠰᠦᠳᠦᠭᠡᠷ ᠵᠠᠭᠤᠨ ᠬᠦᠷᠳᠡᠯ ᠠ ᠮᠠᠰᠢ ᠤᠯᠠᠨ ᠵᠠᠷᠯᠢᠭ ᠱᠠᠰᠳᠢᠷ ᠤᠨ ᠲᠤᠰᠠᠭᠠᠷ ᠵᠤᠬᠢᠶᠠᠯ ᠮᠣᠩᠭ᠋ᠣᠯᠴᠢᠯᠠᠭᠳᠠᠪᠠ᠃ ᠳᠤᠰ ᠦᠭᠦᠯᠡᠯ ᠳᠤ ᠭᠤᠤᠯᠳᠠᠭᠤ ᠮᠣᠩᠭᠣᠯ《ᠭᠠᠨᠵᠤᠤᠷ》᠂《ᠳ᠋ᠠᠨᠵᠤᠤᠷ》ᠲᠠᠢ ᠬᠤᠯᠪᠤᠭᠳᠠᠬᠤ᠂ ᠳᠠᠷᠦᠢ ᠪᠡᠭᠡᠵᠢᠩ ᠪᠠᠡ ᠤᠨ ᠮᠣᠩᠭᠣᠯ ᠰᠢᠩᠬᠤᠨ 《ᠭᠠᠨᠵᠤᠤᠷ》᠂《ᠳ᠋ᠠᠨᠵᠤᠤᠷ》ᠪᠤᠢ ᠪᠤᠯᠬᠤ ᠡᠴᠡ ᠡᠨᠤᠨᠡᠬᠢ ᠮᠦᠨ ᠴᠤ ᠮᠣᠩᠭᠣᠯ《ᠭᠠᠨᠵᠤᠤᠷ》᠂《ᠳ᠋ᠠᠨᠵᠤᠤᠷ》ᠲᠤ ᠤᠷᠤᠭᠰᠠᠨ ᠵᠠᠷᠯᠢᠭ ᠱᠠᠰᠳᠢᠷ ᠤᠨ ᠲᠤᠰᠠᠭᠠᠷ ᠵᠤᠬᠢᠶᠠᠯ ᠤᠨ ᠮᠣᠩᠭ᠋ᠣᠯᠴᠢᠯᠠᠭᠠ ᠶᠢ ᠶᠠᠷᠢᠨ᠎ᠡ᠃ |
Original Literature |
View Original Paper
|
出自 |
内蒙古大学学报
2004年
第6期
|