Paper Information


Title ᠨᠠ‍᠂ ᠰᠢ᠌ᠴᠤᠭᠲᠤ ᠶᠢᠨ ᠵᠤᠬᠢᠶᠠᠯ ᠤᠷᠠᠯᠢᠭ ᠤᠨ ᠭᠤᠤ᠎ᠠ ᠰᠠᠢ᠌ᠬᠠᠨ ᠤ ᠦᠵᠡᠯ ᠦᠨ ᠰᠤᠳᠤᠯᠤᠯ
Creator ᠴᠢᠯᠠᠭᠤ
Keyword
Abstract ᠲᠤᠰ ᠦᠭᠦᠯᠡᠯ ᠳᠦ ᠭᠤᠤᠯᠳᠠᠭᠤ ᠨᠠ‍᠂ ᠰᠠᠢ᠌ᠨᠴᠤᠭᠲᠤ ᠶᠢᠨ ᠵᠤᠬᠢᠶᠠᠯ ᠤᠷᠠᠯᠢᠭ ᠤᠨ ᠭᠤᠤ᠎ᠠ ᠰᠠᠢ᠌ᠬᠠᠨ ᠤ ᠦᠵᠡᠯ ᠢ ᠡᠷᠢᠨ ᠪᠠᠳᠠᠷᠢᠵᠠᠢ᠄ (1) ᠨᠠ‍᠂ ᠰᠠᠢ᠌ᠨᠴᠤᠭᠲᠤ ᠶᠢᠨ ᠤᠷᠠᠯᠢᠭ ᠤᠨ ᠭᠤᠤ᠎ᠠ ᠰᠠᠢ᠌ᠬᠠᠨ ᠤ ᠦᠵᠡᠯ ᠨᠢ ᠠᠮᠢᠳᠤᠷᠠᠯ ᠤᠨ ᠦᠨᠡᠨ ᠬᠢᠭᠡᠳ ᠤᠷᠠᠯᠢᠭ ᠤᠨ ᠦᠨᠡᠨ ᠦ ᠨᠢᠭ᠌ᠲᠠ ᠬᠠᠷᠢᠴᠠᠭᠠᠨ ᠤ ᠰᠠᠭᠤᠷᠢᠨ ᠳᠡᠭᠡᠷ᠎ᠡ ᠪᠦᠷᠢᠯᠳᠦᠨ ᠲᠤᠭᠲᠠᠭᠰᠠᠨ ᠭᠡᠬᠦ ᠦᠵᠡᠯᠲᠡ; (2) ᠨᠠ‍᠂ ᠰᠠᠢ᠌ᠨᠴᠤᠭᠲᠤ ᠶᠢᠨ ᠤᠷᠠᠨ ᠲᠤᠭᠤᠷᠪᠢᠯ ᠤᠨ ᠦᠵᠡᠯᠲᠡ ᠨᠢ ᠳᠠᠪᠰᠢᠩ᠋ᠭᠤᠢ ᠠᠭᠤᠯᠭ᠎ᠠ ᠬᠢᠭᠡᠳ ᠠᠯᠢ ᠪᠤᠯᠬᠤᠢ᠌ᠴᠠ ᠲᠡᠭᠦᠯᠳᠡᠷ ᠰᠠᠢ᠌ᠬᠠᠨ ᠬᠡᠯᠪᠡᠷᠢ ᠶᠢᠨ ᠤᠶᠠᠯᠳᠤᠯ ᠤᠨ ᠰᠠᠭᠤᠷᠢᠨ ᠳᠡᠭᠡᠷ᠎ᠡ ᠪᠤᠢ ᠪᠤᠯᠤᠭᠰᠠᠨ ᠭᠡᠬᠦ ᠦᠵᠡᠯᠲᠡ; (3) ᠨᠠ‍᠂ ᠰᠠᠢ᠌ᠨᠴᠤᠭᠲᠤ ᠪᠤᠯ ᠦᠨᠳᠦᠰᠦᠲᠡᠨ ᠦ ᠬᠡᠯᠡᠨ ᠦ ᠢᠯᠡᠳᠭᠡᠮᠵᠢ ᠶᠢᠨ ᠰᠠᠢ᠌ᠬᠠᠨ᠂ ᠲᠢᠭ᠌ ᠮᠠᠶ‍ᠢᠭ ᠤᠨ ᠰᠠᠢ᠌ᠬᠠᠨ᠂ ᠤᠷᠠᠨ ᠳᠦᠷᠰᠦᠯᠡᠯ ᠦᠨ ᠠᠷᠭ᠎ᠠ ᠨᠤᠭᠤᠳ ᠤᠨ ᠰᠠᠢ᠌ᠬᠠᠨ ᠢ ᠡᠷᠬᠢᠮᠯᠡᠳᠡᠭ ᠭᠡᠬᠦ ᠦᠵᠡᠯᠲᠡ; (4) ᠨᠠ‍᠂ ᠰᠠᠢ᠌ᠨᠴᠤᠭᠲᠤ ᠶᠢᠨ ᠤᠳᠬ᠎ᠠ ᠵᠤᠬᠢᠶᠠᠯ ᠤᠨ ᠰᠢᠭᠦᠮᠵᠢ ᠶᠢᠨ ᠭᠤᠤ᠎ᠠ ᠰᠠᠢ᠌ᠬᠠᠨ ᠤ ᠦᠵᠡᠯᠲᠡ ᠨᠢ ᠪᠤᠳᠠᠲᠤ ᠵᠤᠬᠢᠶᠠᠯ ᠪᠤᠳᠠᠲᠤ ᠵᠤᠬᠢᠶᠠᠯᠴᠢ ᠶᠢ ᠦᠨᠡᠯᠡᠬᠦ ᠳᠤᠮᠳᠠ ᠪᠦᠷᠢᠯᠳᠦᠨ ᠲᠤᠭᠲᠠᠭᠰᠠᠨ ᠭᠡᠬᠦ ᠦᠵᠡᠯᠲᠡ ᠶᠢ ᠲᠡᠭᠦᠨ ᠦ ᠠᠯᠢ ᠣᠯᠠᠨ ᠤᠷᠠᠨ ᠦᠭᠦᠯᠡᠮᠵᠢ ᠪᠡᠷ ᠵᠢᠱᠢᠶᠡᠯᠡᠵᠦ ᠪᠠᠢ᠌ᠭᠠᠳ ᠦᠭᠦᠯᠡᠬᠦ ᠶᠢ ᠣᠷᠤᠯᠳᠤᠵᠠᠢ᠃
Original Literature No Original Paper
出自 内蒙古大学学报 1998年 第1期

联系我们


内蒙古大学图书馆
呼和浩特市大学西路235号
中国·内蒙古
P: (0471) 4992561
E: huangfeilong@imu.edu.cn