Title |
ᠬᠤᠷᠳᠤᠴᠠᠲᠤ ᠭᠤᠯᠭᠤᠭᠤᠷ ᠬᠦᠷᠳᠦᠨ ᠦ ᠵᠢᠭᠠᠨ ᠰᠤᠷᠭᠠᠯ᠎ᠠ ᠶᠢᠨ ᠶᠠᠪᠤᠴᠠ ᠳᠤ ᠰᠢᠷᠬ᠎ᠠ ᠭᠡᠮᠲᠦᠯ ᠡᠭᠦᠰᠴᠦ ᠪᠠᠢ᠌ᠭ᠎ᠠ ᠰᠢᠯᠲᠠᠭᠠᠨ ᠤ ᠲᠤᠬᠠᠢ |
Creator |
ᠪᠠᠲᠤ |
Keyword |
ᠬᠤᠷᠳᠤᠴᠠᠲᠤ ᠭᠤᠯᠭᠤᠭᠤᠷ ᠬᠦᠷᠳᠦ; ᠵᠢᠭᠠᠨ ᠰᠤᠷᠭᠠᠯᠲᠠ; ᠰᠢᠷᠬ᠎ᠠ ᠭᠡᠮᠲᠦᠯ ᠡᠭᠦᠰᠬᠦ ᠰᠢᠯᠲᠠᠭᠠᠨ |
Abstract |
ᠬᠤᠷᠳᠤᠴᠠᠲᠤ ᠭᠤᠯᠭᠤᠭᠤᠷ ᠬᠦᠷᠳᠦᠨ ᠬᠦᠳᠡᠯᠭᠡᠭᠡᠨ ᠨᠢ ᠲᠡᠭᠦᠨ ᠦ ᠦᠪᠡᠷ ᠦᠨ ᠬᠢ ᠳᠤᠪᠤᠢ᠌ᠮ ᠠ ᠣᠨᠴᠠᠯᠢᠭ — ᠰᠡᠳᠦᠯᠲᠡ ᠴᠢᠨᠠᠷ᠂ ᠳᠤᠷ᠎ᠠ ᠪᠠᠬᠠᠲᠤ ᠴᠢᠨᠠᠷ᠂ ᠨᠠᠢ᠌ᠷ ᠨᠠᠭᠠᠳᠤᠮᠲᠤ ᠴᠢᠨᠠᠷ ᠵᠢᠴᠢ ᠪᠡᠶ᠎ᠡ ᠮᠠᠬᠠᠪᠤᠳ ᠢ ᠴᠢᠬᠢᠷᠠᠭᠵᠢᠭᠤᠯᠬᠤ ᠴᠢᠳᠠᠪᠤᠷᠢ ᠲᠠᠢ ᠪᠠᠢ᠌ᠵᠤ᠂ ᠦᠷᠭᠡᠨ ᠣᠯᠠᠨ ᠵᠠᠯᠠᠭᠤ ᠪᠠᠭᠠᠴᠤᠳ ᠤᠨ ᠳᠤᠷ᠎ᠠ ᠪᠠᠬ᠎ᠠ ᠶᠢ ᠲᠠᠲᠠᠵᠤ ᠪᠠᠢ᠌ᠳᠠᠭ᠃ ᠡᠭᠦᠨ ᠦ ᠬᠠᠮᠲᠤ ᠲᠤᠰ ᠬᠦᠳᠡᠯᠭᠡᠭᠡᠨ ᠦ ᠵᠢᠭᠠᠨ ᠰᠤᠷᠭᠠᠯᠲᠠ ᠳᠤᠮᠳᠠ ᠣᠷᠤᠯᠴᠠᠭᠴᠢ ᠶᠢᠨ ᠬᠦᠳᠡᠯᠭᠡᠭᠡᠨ ᠦ ᠮᠡᠷᠭᠡᠵᠢᠯ ᠵᠦᠪ ᠪᠤᠰᠤ᠂ ᠵᠤᠬᠢᠴᠠᠩ᠋ᠭᠤᠢ ᠶᠢᠨ ᠴᠢᠳᠠᠪᠤᠷᠢ ᠳᠤᠷᠤᠢ᠂ ᠦᠪᠡᠷ ᠬᠢ ᠪᠡᠨ ᠬᠠᠮᠠᠭᠠᠯᠠᠬᠤ ᠦᠵᠡᠯᠲᠡ ᠲᠠᠨᠢᠲᠠ ᠳᠤᠳᠠᠮᠠᠭ ᠠᠴᠠ ᠪᠤᠯᠵᠤ᠂ ᠡᠯ᠎ᠡ ᠵᠤᠢ᠌ᠯ ᠤᠨ ᠬᠦᠳᠡᠯᠭᠡᠭᠡᠨ ᠦ ᠰᠢᠷᠬ᠎ᠠ ᠭᠡᠮᠲᠦᠯ ᠡᠭᠦᠰᠴᠦ ᠪᠠᠢ᠌ᠳᠠᠭ᠃ ᠵᠤᠬᠢᠶᠠᠭᠴᠢ ᠠᠴᠠ ᠦᠪᠦᠷ ᠮᠣᠩ᠋ᠭᠤᠯ ᠤᠨ ᠦᠨᠳᠦᠰᠦᠲᠡᠨ ᠦ ᠶᠡᠬᠡ ᠰᠤᠷᠭᠠᠭᠤᠯᠢ ᠶᠢᠨ ᠪᠡᠶ᠎ᠡ ᠲᠠᠮᠢᠷ ᠤᠨ ᠳᠡᠭᠡᠳᠦ ᠰᠤᠷᠭᠠᠭᠤᠯᠢ ᠶᠢᠨ 2009 ᠣᠨ ᠤ ᠤᠶᠤᠲᠠᠳ ᠢᠶᠠᠷ ᠰᠤᠳᠤᠯᠤᠭᠳᠠᠬᠤᠨ ᠪᠤᠯᠭᠠᠵᠤ᠂ ᠲᠤᠰ ᠬᠢᠴᠢᠶᠡᠯ ᠲᠦᠷᠦᠯ ᠦᠨ ᠰᠤᠷᠭᠠᠯᠲᠠ ᠳᠤᠮᠳᠠ ᠰᠢᠷᠬ᠎ᠠ ᠭᠡᠮᠲᠦᠯ ᠡᠭᠦᠴᠦ ᠪᠠᠢ᠌ᠭ᠎ᠠ ᠰᠢᠯᠲᠠᠭᠠᠨ ᠢ ᠵᠠᠳᠠᠯᠤᠨ ᠰᠤᠳᠤᠯᠵᠤ᠂ ᠬᠤᠵᠢᠮ ᠤᠨ ᠵᠢᠭᠠᠨ ᠰᠤᠷᠭᠠᠯᠲᠠ ᠪᠠ ᠪᠤᠯᠪᠠᠰᠤᠷᠠᠯᠲᠠ ᠳᠤ ᠲᠤᠰᠠᠯᠠᠮᠵᠢ ᠪᠤᠯᠭᠠᠬᠤ ᠶᠢ ᠵᠤᠷᠢᠭᠰᠠᠨ ᠪᠠᠢ᠌ᠨ᠎ᠠ᠃ |
Original Literature |
View Original Paper
|
出自 |
内蒙古民族大学学报(自然科学)
2012年
第1期
|