Paper Information


Title ᠮᠣᠩ᠋ᠭᠤᠯ ᠨᠠᠢ᠌ᠷᠠᠯᠭᠠᠲᠤ ᠡᠮ ᠭᠤᠷᠪᠠᠨ ᠤᠯᠠᠭᠠᠨ ᠤ ᠲᠠᠩ ᠤᠨ ᠲᠤᠮᠤ ᠬᠤᠯᠤᠭᠠᠨ᠎ᠠ ᠶᠢᠨ ᠭᠯᠢᠼᠢᠷᠢᠨ ᠡᠴᠡ ᠪᠤᠯᠤᠭᠰᠠᠨ ᠪᠦᠭᠡᠷᠡᠨ ᠭᠡᠮᠲᠦᠯ ᠳᠦ ᠦᠵᠡᠭᠦᠯᠬᠦ ᠨᠦᠯᠦᠭᠡ
Creator ᠲᠦᠩ ᠱᠠᠨ; ᠸᠠᠩ ᠬᠤᠸᠠ
Keyword ᠭᠤᠷᠪᠠᠨ ᠤᠯᠠᠭᠠᠨ ᠤ ᠲᠠᠩ; ᠲᠤᠷᠰᠢᠯᠲᠠ ᠶᠢᠨ ᠴᠢᠨᠠᠷᠲᠠᠢ ᠪᠦᠭᠡᠷᠡᠨ ᠭᠡᠮᠲᠦᠯ; ᠪᠦᠭᠡᠷᠡᠨ ᠠᠵᠢᠯᠯᠠᠭ᠎ᠠ ᠶᠢ ᠬᠠᠮᠭᠠᠯᠠᠬᠤ; ᠲᠤᠷᠰᠢᠯᠲᠠ ᠶᠢᠨ ᠰᠤᠳᠤᠯᠭ᠎ᠠ
Abstract ᠵᠤᠷᠢᠯᠭ᠎ᠠ᠄ ᠠᠮᠢᠲᠠᠨ ᠤ ᠲᠤᠷᠰᠢᠯᠲᠠ ᠶᠢᠨ ᠠᠷᠭ᠎ᠠ ᠪᠠᠷ ᠮᠣᠩ᠋ᠭᠤᠯ ᠡᠮ ᠨᠠᠢ᠌ᠷᠠᠯᠭ᠎ᠠ ᠭᠤᠷᠪᠠᠨ ᠤᠯᠠᠭᠠᠨ ᠤ ᠲᠠᠩ ᠤᠨ ᠲᠤᠷᠰᠢᠯᠲᠠ ᠶᠢᠨ ᠴᠢᠨᠠᠷᠲᠠᠢ ᠪᠦᠭᠡᠷᠡᠨ ᠭᠡᠮᠲᠦᠯ ᠳᠦ ᠦᠵᠡᠦᠯᠬᠦ ᠨᠦᠯᠦᠭᠡ ᠶᠢ ᠰᠤᠳᠤᠯᠤᠨ᠎ᠠ᠃ ᠠᠷᠭ᠎ᠠ᠄ ᠭᠯᠢᠼᠢᠷᠢᠨ ᠢᠶᠡᠷ ᠲᠤᠮᠤ ᠬᠤᠯᠤᠭᠠᠨ᠎ᠠ ᠳᠤ ᠪᠦᠭᠡᠷᠡᠨ ᠭᠡᠮᠲᠦᠯ ᠡᠭᠦᠰᠭᠡᠭ᠍ᠰᠡᠨ ᠬᠡᠪ ᠦᠯᠢᠭᠡᠷ ᠢ ᠪᠠᠢ᠌ᠭᠤᠯᠵᠤ᠂ ᠮᠣᠩ᠋ᠭᠤᠯ ᠡᠮ ᠨᠠᠢ᠌ᠷᠠᠯᠭ᠎ᠠ ᠭᠤᠷᠪᠠᠨ ᠤᠯᠠᠭᠠᠨ ᠤ ᠲᠠᠩ ᠤᠨ ᠪᠦᠭᠡᠷᠡᠨ ᠠᠵᠢᠯᠯᠠᠭ᠎ᠠ ᠶᠢ ᠬᠠᠮᠠᠭᠠᠯᠠᠬᠤ ᠦᠢᠯᠡᠳᠦᠯ ᠢ ᠠᠵᠢᠭᠯᠠᠨ᠎ᠠ᠃ ᠦᠷ᠎ᠡ ᠳ᠋ᠦᠩ᠄ ᠮᠣᠩ᠋ᠭᠤᠯ ᠡᠮ ᠨᠠᠢ᠌ᠷᠠᠯᠭ᠎ᠠ ᠭᠤᠷᠪᠠᠨ ᠤᠯᠠᠭᠠᠨ ᠤ ᠲᠠᠩ ᠤᠨ ᠭᠤᠷᠪᠠᠨ ᠬᠡᠮᠵᠢᠶᠡᠨ ᠦ ᠡᠮ ᠦᠭ᠍ᠬᠦ ᠳᠤᠭᠤᠢ᠌ᠯᠠᠩ ᠨᠢ ᠪᠦᠭᠡᠷᠡᠨ ᠭᠡᠮᠲᠦᠯ ᠲᠡᠢ ᠲᠤᠮᠤ ᠬᠤᠯᠤᠭᠠᠨ᠎ᠠ ᠶᠢᠨ ᠴᠢᠰᠦᠨ ᠴᠠᠢ᠌ᠪᠠᠩ ᠳᠤ ᠬᠢ Cre᠂ Ure᠂ ᠪᠦᠭᠡᠷᠡᠨ ᠢᠯᠡᠳᠭᠡᠮᠵᠢ ᠵᠡᠷᠭᠡ ᠶᠢ ᠢᠯᠡᠳᠲᠡ ᠳᠤᠭᠤᠭᠰᠢᠯᠠᠭᠤᠯᠤᠭᠰᠠᠨ ᠪᠠᠢ᠌ᠨ᠎ᠠ ( ᠪᠦᠷ P<0.01)᠃ ᠴᠢᠰᠦᠨ ᠴᠠᠢ᠌ᠪᠠᠩ ᠳᠤ ᠬᠢ SOD᠋ ᠶᠢᠨ ᠢᠳᠡᠪᠬᠢ ᠴᠢᠨᠠᠷ ᠢ ᠳᠡᠭᠡᠭ᠍ᠰᠢᠯᠡᠭᠦᠯᠬᠦ ᠬᠠᠨᠳᠤᠰᠢ ᠲᠠᠢ᠂ ᠡᠭᠡᠴᠦ ᠢᠯᠡᠳᠲᠡ ᠵᠦᠷᠢᠶ᠎ᠡ ᠭᠠᠷᠤᠭᠰᠠᠨ ᠦᠭᠡᠢ᠃ ᠶᠡᠬᠡ ᠬᠡᠮᠵᠢᠶᠡᠨ ᠦ ᠡᠮ ᠦᠭ᠍ᠬᠦ ᠳᠤᠭᠤᠢ᠌ᠯᠠᠩ ᠨᠢ ᠴᠢᠰᠦᠨ ᠴᠠᠢ᠌ᠪᠠᠩ ᠳᠤ ᠬᠢ MDA᠋ ᠶᠢᠨ ᠬᠡᠮᠵᠢᠶ᠎ᠡ ᠶᠢ ᠳᠤᠭᠤᠭᠰᠢᠯᠠᠭᠤᠬᠤ ᠬᠠᠨᠳᠤᠰᠢ ᠲᠠᠢ ᠪᠤᠯᠪᠠᠴᠤ ᠢᠯᠡᠳᠲᠡ ᠵᠦᠷᠢᠶ᠎ᠡ ᠦᠭᠡᠢ; ᠪᠦᠭᠡᠷᠡᠨ ᠨᠡᠭᠡᠳᠡᠰᠦ ᠪᠤᠯᠤᠨ ᠡᠯᠢᠭᠡᠨ ᠨᠡᠭᠡᠳᠡᠰᠦ ᠶᠢᠨ MDA᠋ ᠳᠤ ᠮᠠᠰᠢ ᠢᠯᠡᠳᠲᠡ ᠳᠤᠭᠤᠭᠰᠢᠯᠠᠭᠤᠬᠤ ᠦᠢᠯᠡᠳᠦᠯ ᠲᠡᠢ (ᠪᠦᠷ P<0.01)᠃ ᠰᠢᠭᠡᠰᠦᠨ ᠰᠢᠬᠢᠷ᠂ ᠰᠢᠭᠡᠰᠦᠨ ᠤᠭᠤᠷᠠᠭ᠂ ᠰᠢᠭᠡᠰᠦᠨ ᠦ ᠬᠡᠮᠵᠢᠶ᠎ᠡ᠂ ᠰᠢᠭᠡᠬᠦ ᠤᠳᠠᠭ᠎ᠠ ᠳᠤ ᠦᠵᠡᠭᠦᠯᠦᠭᠰᠡᠨ ᠨᠦᠯᠦᠭᠡ᠄ ᠶᠡᠬᠡ ᠬᠡᠮᠵᠢᠶᠡᠨ ᠦ ᠳᠤᠭᠤᠢ᠌ᠯᠠᠩ ᠨᠢ ᠪᠦᠷ ᠢᠯᠡᠳᠲᠡ ᠰᠠᠢ᠌ᠵᠢᠷᠠᠭᠤᠯᠵᠤ ( P<0.01); ᠳᠤᠮᠳᠠ ᠬᠡᠮᠵᠢᠶᠡᠨ ᠦ ᠳᠤᠭᠤᠢ᠌ᠯᠠᠩ ᠨᠢ ᠰᠢᠭᠡᠬᠦ ᠤᠳᠠᠭ᠎ᠠ ᠶᠢ ᠢᠯᠡᠳᠲᠡ ᠨᠡᠮᠡᠭᠳᠡᠭᠦᠯᠬᠦ (P<0.01)᠂ ᠰᠢᠭᠡᠰᠦᠨ ᠰᠢᠬᠢᠷ ᠢ ᠢᠯᠡᠳᠲᠡ ᠳᠤᠭᠤᠭᠰᠢᠯᠠᠭᠤᠯᠬᠤ (P<0.05)᠂ ᠰᠢᠭᠡᠰᠦᠨ ᠤᠭᠤᠷᠠᠭ ᠪᠤᠯᠤᠨ ᠰᠢᠭᠡᠰᠦᠨ ᠦ ᠬᠡᠮᠵᠢᠶᠡᠨ ᠦ ᠰᠠᠢ᠌ᠵᠢᠷᠠᠭᠤᠯᠬᠤ ᠬᠠᠨᠳᠤᠰᠢ ᠲᠠᠢ᠂ ᠭᠡᠪᠡᠴᠦ ᠢᠯᠡᠳᠲᠡ ᠵᠦᠷᠢᠶ᠎ᠡ ᠦᠭᠡᠢ; ᠪᠠᠭ᠎ᠠ ᠬᠡᠮᠵᠢᠶᠡᠨ ᠦ ᠳᠤᠭᠤᠢ᠌ᠯᠠᠩ ᠨᠢ ᠰᠢᠭᠡᠬᠦ ᠤᠳᠠᠭ᠎ᠠ ᠶᠢ ᠢᠯᠡᠳᠲᠡ ᠨᠡᠮᠡᠭᠳᠡᠭᠦᠯᠵᠦ (P<0.01)᠂ ᠰᠢᠭᠡᠰᠦᠨ ᠰᠢᠬᠢᠷ᠂ ᠰᠢᠭᠡᠰᠦᠨ ᠤᠭᠤᠷᠠᠭ᠂ ᠰᠢᠭᠡᠰᠦᠨ ᠦ ᠬᠡᠮᠵᠢᠶ᠎ᠡ ᠶᠢ ᠰᠠᠢ᠌ᠵᠢᠷᠠᠭᠤᠯᠬᠤ ᠬᠠᠨᠳᠤᠰᠢ ᠲᠠᠢ᠂ ᠭᠡᠪᠡᠴᠦ ᠢᠯᠡᠳᠲᠡ ᠵᠦᠷᠢᠶ᠎ᠡ ᠦᠭᠡᠢ᠃ ᠰᠢᠭᠡᠰᠦᠨ ᠳᠦ ᠬᠢ ᠴᠠᠭᠠᠨ ᠡᠰ᠂ PH ᠬᠡᠮᠵᠢᠭᠳᠡᠯ᠂ ᠴᠢᠰᠦᠨ ᠢᠵᠠᠮᠠᠭ ᠵᠡᠷᠭᠡ ᠳᠦ ᠦᠵᠡᠭᠦᠯᠦᠭᠰᠡᠨ ᠨᠦᠯᠦᠭᠡ᠄ ᠶᠡᠬᠡ ᠬᠡᠮᠵᠢᠶᠡᠨ ᠦ ᠳᠤᠭᠤᠢ᠌ᠯᠠᠩ ᠪᠤᠯᠤᠨ ᠳᠤᠮᠳᠠ ᠬᠡᠮᠵᠢᠶᠡᠨ ᠦ ᠳᠤᠭᠤᠢ᠌ᠯᠠᠩ ᠨᠢ PH ᠬᠡᠮᠵᠢᠭᠳᠡᠯ ᠳᠦ ᠢᠯᠡᠳᠲᠡ ᠳᠡᠭᠡᠭ᠍ᠰᠢᠯᠡᠭᠦᠯᠬᠦ ᠦᠢᠯᠡᠳᠦᠯ ᠲᠡᠢ ᠪᠠᠢ᠌ᠵᠤ (P<0.01᠂ P<0.05)᠂ ᠰᠢᠭᠡᠰᠦᠨ ᠰᠢᠩᠭᠡᠨ ᠳᠦ ᠬᠢ ᠴᠠᠭᠠᠨ ᠡ ᠲ ᠢᠯᠡᠳᠲᠡ ᠳᠤᠭᠤᠭᠰᠢᠯᠠᠭᠤᠯᠬᠤ ᠦᠢᠯᠡᠳᠦᠯ ᠦᠵᠡᠭᠦᠯᠳᠡᠭ (P<0.01᠂P<0.05)᠂ ᠪᠠᠭ᠎ᠠ ᠬᠡᠮᠵᠢᠶᠡᠨ ᠦ ᠳᠤᠭᠤᠢ᠌ᠯᠠᠩ ᠨᠢ ᠪᠦᠷ ᠰᠠᠢ᠌ᠵᠢᠷᠠᠭᠤᠯᠬᠤ ᠬᠠᠨᠳᠤᠰᠢ ᠲᠠᠢ ᠪᠤᠯᠪᠠᠴᠤ ᠢᠯᠡᠳᠲᠡ ᠵᠦᠷᠢᠶ᠎ᠡ ᠦᠭᠡᠢ᠃ ᠳ᠋ᠦᠩᠨᠡᠯᠲᠡ᠄ ᠮᠣᠩ᠋ᠭᠤᠯ ᠡᠮ ᠨᠠᠢ᠌ᠷᠠᠯᠭ᠎ᠠ ᠭᠤᠷᠪᠠᠨ ᠤᠯᠠᠭᠠᠨ ᠤ ᠲᠠᠩ ᠨᠢ ᠴᠢᠰᠦᠨ ᠴᠠᠢ᠌ᠪᠠᠩ ᠳᠤ ᠬᠢ Ure᠂ Cre᠂ ᠰᠢᠭᠡᠰᠦᠨ ᠰᠢᠬᠢᠷ᠂ ᠰᠢᠭᠡᠰᠦᠨ ᠤᠭᠤᠷᠠᠭ ᠵᠢᠴᠢ ᠰᠢᠭᠡᠰᠦᠨ ᠳᠦ ᠬᠢ ᠴᠠᠭᠠᠨ ᠡᠰ ᠦᠨ ᠠᠭᠤᠯᠤᠭᠳᠠᠴᠠ ᠪᠤᠯᠤᠨ ᠪᠦᠭᠡᠷᠡᠨ ᠢᠯᠡᠳᠭᠡᠮᠵᠢ ᠶᠢ ᠢᠯᠡᠳᠲᠡ ᠰᠠᠢ᠌ᠵᠢᠷᠠᠭᠤᠯᠵᠤ᠂ ᠦᠭᠡᠭᠦᠨ ᠦ ᠬᠡᠳᠦ ᠢᠰᠦᠯᠳᠦᠬᠦ ᠶᠢ ᠰᠡᠷᠭᠡᠢ᠌ᠯᠡᠬᠦ᠂ SOD᠋ ᠶᠢᠨ ᠢᠳᠡᠪᠬᠢ ᠴᠢᠨᠠᠷ ᠢ ᠳᠡᠭᠡᠭ᠍ᠰᠢᠯᠡᠭᠦᠯᠵᠦ᠂ ᠪᠦᠭᠡᠷᠡᠨ ᠠᠵᠢᠯᠯᠠᠭ᠎ᠠ ᠶᠢ ᠬᠠᠮᠠᠭᠠᠯᠠᠬᠤ ᠦᠢᠯᠡᠳᠦᠯ ᠦᠵᠡᠭᠦᠯᠦᠭᠰᠡᠨ ᠪᠠᠢ᠌ᠨ᠎ᠠ᠃
Original Literature View Original Paper
出自 内蒙古民族大学学报(蒙医药学) 2012年 第1期

联系我们


内蒙古大学图书馆
呼和浩特市大学西路235号
中国·内蒙古
P: (0471) 4992561
E: huangfeilong@imu.edu.cn