| Abstract | 
                ᠲᠤᠰ ᠦᠭᠦᠯᠡᠯ ᠳᠤ ᠣᠳᠤᠬᠠᠨ ᠤ ᠨᠡᠢᠭᠡᠮ ᠵᠢᠷᠤᠮᠲᠤ ᠵᠠᠬ ᠠ ᠲᠡᠯᠭᠡᠭᠦᠷ ᠤᠨ ᠠᠵᠤ ᠠᠬᠤᠢ ᠶᠢᠨ ᠨᠦᠬᠦᠴᠡᠯ ᠲᠤᠤᠷ ᠠ ᠮᠠᠯᠵᠢᠬᠤ ᠣᠷᠤᠨ ᠳᠤ ᠲᠤᠯᠭᠠᠷᠠᠭᠰᠠᠨ ᠬᠦᠴᠢᠷᠳᠡᠯ ᠢ ᠲᠤᠭᠠᠴᠢᠵᠤ᠂ ᠬᠦᠴᠢᠷᠳᠡᠯ ᠡᠴᠡ ᠮᠣᠯᠳᠤᠷᠠᠬᠤ ᠠᠷᠭᠠ ᠵᠠᠮ ᠢ ᠰᠦᠪᠡᠭᠴᠢᠯᠡᠭᠰᠡᠨ ᠤ ᠰᠠᠭᠤᠷᠢᠨ ᠲᠡᠭᠡᠷ ᠡ ᠠᠵᠤ ᠠᠬᠤᠢ ᠶᠢᠨ ᠤᠬᠠᠭᠠᠨ ᠤ  ᠲᠠᠯ ᠠ ᠡᠴᠡ  ᠮᠠᠯ ᠠᠬᠤ ᠠᠬᠤᠢ ᠶᠢᠨ ᠬᠦᠳᠡᠯᠮᠦᠷᠢ ᠶᠢᠨ ᠪᠦᠲᠦᠮᠵᠢ ᠶᠢᠨ ᠬᠦᠢᠴᠡᠳᠭᠡᠬᠦ ᠲᠣᠭᠠᠨ ᠤ ᠰᠢᠰᠲ᠋ᠸᠮ ᠢ ᠰᠢᠨᠠ ᠪᠡᠷ  ᠪᠠᠢᠭᠤᠯᠬᠤ᠂ ᠰᠣᠮᠤ ᠪᠠᠯᠭᠠᠰᠤᠨ ᠤ  ᠠᠵᠤ ᠠᠬᠤᠢ ᠵᠢ  ᠬᠦᠭᠵᠢᠬᠦᠯᠵᠦ᠂ ᠪᠡᠯᠴᠢᠭᠡᠷ ᠢ  ᠦᠮᠴᠢᠯᠡᠭᠴᠢ ᠪᠠ ᠭᠡᠷᠡᠭᠯᠡᠭᠴᠢ ᠶᠢᠨ ᠬᠠᠷᠢᠴᠠᠭ ᠠ ᠵᠢ ᠤᠯᠠᠮ ᠲᠣᠳᠤ  ᠪᠣᠯᠭᠠᠬᠤ ᠪᠠ ᠮᠠᠯᠵᠢᠬᠤ ᠣᠷᠤᠨ ᠤ  ᠲᠠᠸᠠᠷ ᠤᠨ ᠬᠦᠢᠯᠭᠡᠭᠡ ᠵᠢ ᠰᠠᠢᠵᠢᠷᠠᠭᠤᠯᠬᠤ ᠵᠡᠷᠭᠡ ᠵᠢ ᠲᠤᠷᠠᠳᠤᠭᠰᠠᠨ ᠪᠦᠭᠡᠳ ᠬᠦᠴᠢᠷᠳᠡᠯ ᠡᠴᠡ ᠮᠤᠯᠳᠤᠷᠠᠬᠤ ᠶᠢᠨ ᠵᠠᠩᠬᠢᠯᠭᠠ ᠪᠣᠯᠬᠤ ᠮᠠᠯᠴᠢᠳ ᠤᠨ ᠤᠤᠷ ᠴᠢᠨᠰᠠᠭᠠ ᠵᠢ ᠲᠡᠭᠡᠭᠰᠢᠯᠡᠬᠦᠯᠬᠦ ᠠᠷᠭᠠ ᠵᠢ ᠰᠢᠨᠵᠢᠯᠡᠭᠰᠡᠨ ᠪᠠᠢᠨᠠ᠃ |