Paper Information


Title ᠫᠷᠤᠫᠡᠨ ᠢ ᠤᠰᠤᠳᠦ᠋ᠷᠦᠭᠴᠢ ᠦᠭᠡᠶᠢᠳᠡᠭᠦᠯᠦᠨ ᠫᠷᠤᠫᠧᠨ ᠢ ᠭᠠᠷᠭᠠᠨ ᠠᠪᠬᠤ ᠰᠤᠳᠤᠯᠭᠠᠨ ᠤ ᠠᠬᠤᠢ ᠪᠠᠢᠳᠠᠯ
Creator ᠪᠠᠢ ᠤᠶᠤᠨᠪᠢᠯᠢᠭ᠌; ᠰᠠᠭᠠᠷ᠎ᠠ; ᠠᠭᠤᠯᠠ; ᠰᠢᠦᠢ ᠠᠢ ᠵᠢᠦᠢ
Keyword ᠫᠷᠤᠫᠡᠨ; ᠤᠰᠤᠳᠦ᠋ᠷᠦᠭᠴᠢ ᠦᠭᠡᠶᠢᠳᠡᠭᠦᠯᠬᠦ; ᠫᠷᠤᠫᠧᠨ
Abstract ᠫᠷᠤᠫᠧᠨ ᠪᠤᠯ ᠬᠢᠮᠢ ᠶᠢᠨ ᠠᠵᠤ ᠦᠢᠯᠡᠳᠪᠦᠷᠢ ᠶᠢᠨ ᠴᠢᠬᠤᠯᠠ ᠲᠦᠭᠦᠬᠡᠢ ᠮᠠᠲ᠋ᠧᠷᠢᠶᠠᠯ ᠤᠴᠢᠷ ᠠᠴᠠ ᠲᠤᠩ ᠦᠷᠭᠡᠨ ᠬᠡᠷᠡᠭᠴᠡᠭᠡ ᠲᠡᠢ ᠪᠠᠢᠳᠠᠭ᠃ ᠲᠤᠰ ᠦᠭᠦᠯᠡᠯ ᠳᠦ ᠫᠷᠤᠫᠡᠨ ᠡᠴᠡ ᠫᠷᠤᠫᠧᠨ ᠢ ᠭᠠᠷᠭᠠᠨ ᠠᠪᠬᠤ ᠰᠤᠳᠤᠯᠤ ᠤᠨ ᠲᠤᠬᠠᠢ ᠲᠠᠨᠢᠯᠴᠠᠭᠤᠯᠪᠠ᠃ ᠡᠭᠦᠨ ᠳᠦ᠂ ᠭᠤᠤᠯᠳᠠᠭᠤ ᠫᠷᠤᠫᠡᠨ ᠢ ᠰᠢᠭᠤᠳ ᠲᠦᠷᠭᠡᠳᠭᠡᠨ ᠤᠰᠤᠳᠦ᠋ᠷᠦᠭᠴᠢ ᠦᠭᠡᠶᠢᠳᠡᠭᠦᠯᠵᠦ ᠫᠷᠤᠫᠧᠨ ᠢ ᠭᠠᠷᠭᠠᠨ ᠠᠪᠬᠤ ᠾᠷᠦᠮ ᠦᠨ ᠰᠢᠰᠲ᠋ᠧᠮ ᠦᠨ ᠲᠦᠷᠭᠡᠳᠭᠡᠭᠦᠷ᠂ ᠴᠠᠭᠠᠨ ᠠᠯᠲᠠ ᠶᠢᠨ ᠰᠢᠰᠲ᠋ᠧᠮ ᠦᠨ ᠲᠦᠷᠭᠡᠳᠭᠡᠭᠦᠷ ᠪᠤᠯᠤᠨ ᠫᠷᠤᠫᠡᠨ ᠢ ᠢᠰᠦᠯᠳᠦᠭᠦᠯᠵᠦ ᠤᠰᠤᠳᠦ᠋ᠷᠦᠭᠴᠢ ᠦᠭᠡᠶᠢᠳᠡᠭᠦᠯᠦᠨ ᠫᠷᠤᠫᠧᠨ ᠢ ᠡᠭᠦᠰᠭᠡᠬᠦ ᠸᠠᠨᠠᠳᠢ ᠪᠠᠷ ᠰᠠᠭᠤᠷᠢᠯᠠᠭᠰᠠᠨ ᠲᠦᠷᠭᠡᠳᠭᠡᠭᠦᠷ᠂ ᠮᠤᠯᠢᠪᠳ᠋ᠧᠨ ᠢᠶᠡᠷ ᠰᠠᠭᠤᠷᠢᠯᠠᠭᠰᠠᠨ ᠲᠦᠷᠭᠡᠳᠭᠡᠭᠦᠷ ᠪᠠ ᠬᠤᠪᠤᠷ ᠰᠢᠷᠦᠢ ᠪᠡᠷ ᠰᠠᠭᠤᠷᠢᠯᠠᠭᠰᠠᠨ ᠲᠦᠷᠭᠡᠳᠭᠡᠭᠦᠷ ᠵᠢᠴᠢ ᠹᠤᠰᠹᠤᠷ ᠬᠦᠴᠢᠯ ᠦᠨ ᠲᠤᠢᠯ ᠤᠨ ᠲᠦᠷᠭᠡᠳᠭᠡᠭᠦᠷ ᠵᠡᠷᠭᠡ ᠶᠢᠨ ᠰᠤᠳᠤᠯᠤᠯ ᠤᠨ ᠲᠤᠢᠮᠤ ᠪᠠᠢᠳᠠᠯ ᠢ ᠦᠭᠦᠯᠡᠵᠦ᠂ ᠣᠳᠤᠬᠠᠨ ᠤ ᠰᠤᠳᠤᠯᠤᠯ ᠤᠨ ᠲᠦᠪᠯᠡᠷᠡᠯ — ᠮᠧᠰᠤᠫᠤᠷᠤᠰ ᠮᠠᠲ᠋ᠧᠷᠢᠶᠠᠯ ᠢ ᠠᠰᠢᠭᠯᠠᠨ ᠲᠦᠷᠭᠡᠳᠭᠡᠭᠦᠷ ᠦᠨ ᠬᠦᠷᠢᠶᠡᠨ ᠳᠦ ᠬᠡᠷᠡᠭᠯᠡᠭᠰᠡᠨ ᠦ ᠨᠦᠯᠦᠭᠡ ᠪᠡ ᠦᠷ᠎ᠡ ᠳ᠋ᠦᠩ ᠢ ᠣᠨᠴᠠ ᠳᠤᠷᠠᠳᠪᠠ᠃
Original Literature No Original Paper
出自 内蒙古师范大学学报(自然科学蒙古文版) 2012年 第1期

联系我们


内蒙古大学图书馆
呼和浩特市大学西路235号
中国·内蒙古
P: (0471) 4992561
E: huangfeilong@imu.edu.cn