Abstract |
ᠲᠤᠰ ᠦᠭᠦᠯᠡᠯ ᠳᠦ ᠂ ᠮᠣᠩ᠋ᠭᠤᠯ ᠣᠷᠤᠨ ᠳᠤ ᠪᠤᠷᠬᠠᠨ ᠤ ᠱᠠᠰᠢᠨ ᠶᠡᠬᠡᠪᠡᠷ ᠨᠦᠯᠦᠭᠡᠯᠡᠵᠦ ᠪᠠᠢ᠌ᠭᠰᠠᠨ 16᠋ ᠳᠤᠭᠠᠷ ᠵᠠᠭᠤᠨ ᠤ ᠦᠶ᠎ᠡ ᠳᠦ ᠳᠦᠷᠢᠮᠵᠢᠨ ᠪᠯᠪᠠᠰᠤᠷᠠᠭᠠᠳ ᠪᠤᠷᠬᠠᠨ ᠤ ᠱᠠᠰᠢᠨ ᠤ ᠨᠤᠮ ᠰᠤᠳᠤᠷ ᠤᠨ ᠣᠷᠴᠢᠭᠤᠯᠭ᠎ᠠ ᠳᠤ ᠡᠨᠡᠳᠬᠡᠭ᠌ ᠲᠦᠪᠡᠳ ᠦᠭᠡ ᠶᠢ ᠠᠪᠢᠶᠠᠴᠢᠯᠠᠨ ᠲᠡᠮᠳᠡᠭᠯᠡᠵᠦ ᠭᠤᠷᠪᠠᠨ ᠵᠠᠭᠤᠭᠠᠳ ᠵᠢᠯ ᠬᠡᠷᠡᠭᠯᠡᠭᠳᠡᠭᠰᠡᠨ ᠠᠯᠢ ᠭᠠᠯᠢ ᠦᠰᠦᠭ ᠢ ᠲᠡᠭᠦᠨ ᠦ ᠡᠭᠦᠰᠦᠯ ᠪᠦᠷᠢᠯᠳᠦᠯ ᠪᠤᠯᠤᠨ ᠬᠦᠭ᠍ᠵᠢᠯ ᠳᠦᠷᠢᠮᠵᠢᠯ ᠦᠨ ᠪᠦᠬᠦ ᠲᠠᠯ᠎ᠠ ᠠᠴᠠ ᠨᠡᠯᠢᠶᠡᠳ ᠨᠠᠷᠢᠨ ᠰᠢᠨᠵᠢᠯᠡᠭᠡ ᠬᠢᠵᠦ ᠠᠯᠢ ᠭᠠᠯᠢ ᠶᠢ ᠰᠢᠰᠲ᠋ᠧᠮ ᠦᠨ ᠬᠢᠨᠢ ᠲᠠᠯ᠎ᠠ ᠪᠠᠷ ᠲᠤᠳᠤᠷᠬᠠᠢ ᠦᠭᠦᠯᠡᠭᠰᠡᠨ ᠪᠡ ᠲᠡᠭᠦᠨ ᠢ ᠪᠢᠴᠢᠵᠦ ᠤᠩᠰᠢᠬᠤ ᠠᠷᠭ᠎ᠠ ᠶᠢ ᠳ᠋ᠦᠩᠨᠡᠨ ᠭᠠᠷᠭᠠᠵᠤ᠂ ᠮᠣᠩ᠋ᠭᠤᠯ ᠦᠰᠦᠭ ᠪᠢᠴᠢᠭ᠌ ᠦᠨ ᠰᠤᠳᠤᠯᠭᠠᠨ ᠤ ᠬᠡᠪᠴᠢᠶ᠎ᠡ ᠶᠢ ᠤᠯᠠᠮ ᠲᠡᠭᠦᠯᠳᠡᠷᠵᠢᠭᠦᠯᠬᠦ ᠪᠡᠷ ᠵᠢᠳᠭᠦᠭ᠍ᠰᠡᠨ ᠪᠠᠢ᠌ᠨ᠎ᠠ᠃ |