Paper Information


Title ᠲᠤᠮᠤ ᠬᠤᠯᠤᠭᠠᠨ᠎ᠠ ᠶᠢᠨ ᠬᠤᠳᠤᠭᠤᠳᠤᠨ ᠤ ᠳᠤᠤᠷ᠎ᠠ ᠠᠮᠠᠰᠠᠷ ᠢ ᠵᠠᠩᠭᠢᠳᠤᠭᠰᠠᠨ ᠠᠴᠠ ᠪᠤᠯᠤᠭᠰᠠᠨ ᠡᠯᠢᠭᠡᠨ ᠭᠡᠮᠲᠦᠯ ᠳᠦ ᠦᠵᠡᠭᠦᠯᠬᠦ ᠭᠢᠸᠠᠩ —9᠋ ᠶᠢᠨ ᠨᠦᠯᠦᠭᠡ
Creator ᠸᠠᠩ ᠬᠤᠸᠠᠨ
Keyword ᠭᠢᠸᠠᠩ -9; ᠬᠤᠳᠤᠭᠤᠳᠤᠨ ᠳᠤᠤᠷ᠎ᠠ ᠠᠮᠠᠰᠠᠷ ᠢ ᠵᠠᠩᠭᠢᠳᠤᠭᠰᠠᠨ ᠠᠴᠠ ᠪᠤᠯᠬᠤ ᠡᠯᠢᠭᠡᠨ ᠭᠡᠮᠲᠦᠯ; ᠡᠯᠢᠭᠡ ᠶᠢ ᠬᠠᠮᠠᠭᠠᠯᠠᠬᠤ ᠦᠢᠯᠡᠳᠦᠯ
Abstract ᠵᠤᠷᠢᠯᠭ᠎ᠠ᠄ ᠮᠣᠩ᠋ᠭᠤᠯ ᠡᠮ ᠨᠠᠢ᠌ᠷᠠᠯᠭ᠎ᠠ ᠭᠢᠸᠠᠩ -9᠋ ᠶᠢᠨ ᠲᠤᠮᠤ ᠬᠤᠯᠤᠭᠠᠨ᠎ᠠ ᠶᠢᠨ ᠬᠤᠳᠤᠭᠤᠳᠤᠨ ᠤ ᠳᠤᠤᠷ᠎ᠠ ᠠᠮᠠᠰᠠᠷ᠋ ᠢ ᠵᠠᠩᠭᠢᠳᠤᠭᠰᠠᠨ ᠠᠴᠠ ᠪᠤᠯᠤᠭᠰᠠᠨ ᠡᠯᠢᠭᠡᠨ ᠭᠡᠮᠲᠦᠯ ᠳᠦ ᠦᠵᠡᠭᠦᠯᠬᠦ ᠨᠦᠯᠦᠭᠡ ᠶᠢ ᠰᠤᠳᠤᠯᠤᠨ᠎ᠠ᠃ ᠠᠷᠭ᠎ᠠ᠄ ᠬᠤᠳᠤᠭᠤᠳᠤᠨ ᠤ ᠳᠤᠤᠷ᠎ᠠ ᠠᠮᠠᠰᠠᠷ ᠢ ᠵᠠᠩᠭᠢᠳᠤᠭᠰᠠᠨ ᠠᠴᠠ ᠪᠤᠯᠤᠭᠰᠠᠨ ᠡᠯᠢᠭᠡᠨ ᠭᠡᠮᠲᠦᠯ ᠲᠠᠢ ᠲᠤᠮᠤ ᠬᠤᠯᠤᠭᠠᠨ᠎ᠠ ᠶᠢᠨ ᠬᠡᠪ ᠦᠯᠢᠭᠡᠷ ᠢ ᠵᠤᠬᠢᠶᠠᠵᠤ᠂ ᠭᠢᠸᠠᠩ -9᠋ ᠶᠢᠨ ᠬᠤᠳᠤᠭᠤᠳᠤᠨ ᠤ ᠳᠤᠤᠷ᠎ᠠ ᠠᠮᠠᠰᠠᠷ ᠢ ᠵᠠᠩᠭᠢᠳᠤᠭᠰᠠᠨ ᠠᠴᠠ ᠪᠤᠯᠤᠭᠰᠠᠨ ᠡᠯᠢᠭᠡᠨ ᠭᠡᠮᠲᠦᠯ ᠳᠦ ᠬᠠᠮᠠᠭᠠᠯᠠᠬᠤ ᠦᠢᠯᠡᠳᠦᠯ ᠪᠠ᠌ᠬᠤ ᠡᠰᠡᠭᠦ ᠶᠢ ᠠᠵᠢᠭᠯᠠᠨ᠎ᠠ᠃ ᠦᠷ᠎ᠡ ᠳ᠋ᠦᠩ᠄ ᠬᠡᠪ ᠦᠯᠢᠭᠡᠷ ᠪᠤᠯᠤᠨ ᠡᠷᠡᠭᠦᠯ ᠬᠠᠷᠢᠴᠠᠭᠤᠯᠬᠤ ᠳᠤᠭᠤᠢ᠌ᠯᠠᠩ ᠢ ᠬᠠᠷᠢᠴᠠᠭᠤᠯᠬᠤ ᠳᠤ ᠴᠢᠰᠦᠨ ᠴᠠᠢ᠌ᠪᠠᠩ ᠳᠤ ᠬᠢ AST᠂ ALT᠂ ᠡᠯᠢᠭᠡᠨ ᠢᠯᠡᠳᠭᠡᠮᠵᠢ ᠨᠢ ᠢᠯᠡᠳᠲᠡ ᠦᠨᠳᠦᠷᠵᠢᠵᠦ (ᠪᠦᠷ P<0.01)᠂ ᠡᠯᠢᠭᠡᠨ ᠨᠡᠭᠡᠳᠡᠰᠦᠨ ᠳᠦ ᠬᠢ NO᠋ ᠶᠢᠨ ᠠᠭᠤᠯᠤᠭᠳᠠᠴᠠ ᠨᠢ ᠮᠦᠨ ᠴᠦ ᠢᠯᠡᠳᠲᠡ ᠳᠡᠭᠡᠭ᠍ᠰᠢᠯᠡᠪᠡ (P<0.01)᠃ ᠡᠯ᠎ᠡ ᠡᠮ ᠦᠭ᠍ᠬᠦ ᠳᠤᠭᠤᠢ᠌ᠯᠠᠩ ᠢ ᠬᠡᠪ ᠦᠯᠢᠭᠡᠷ ᠦᠨ ᠳᠤᠭᠤᠢ᠌ᠯᠠᠩ ᠲᠠᠢ ᠬᠠᠷᠢᠴᠠᠭᠤᠯᠬᠤ ᠳᠤ᠂ ᠳᠤᠮᠳᠠ ᠬᠡᠮᠵᠢᠶᠡᠨ ᠦ ᠳᠤᠭᠤᠢ᠌ᠯᠠᠩ ᠪᠤᠯᠤᠨ ᠶᠡᠬᠡ ᠬᠡᠮᠵᠢᠶᠡᠨ ᠦ ᠳᠤᠭᠤᠢ᠌ᠯᠠᠩ ᠨᠢ ᠴᠢᠰᠦᠨ ᠴᠠᠢ᠌ᠪᠠᠩ᠋ ᠳᠤ ᠬᠢ AST᠋ ᠶᠢᠨ ᠬᠡᠮᠵᠢᠶ᠎ᠡ ᠶᠢ ᠢᠯᠡᠳᠲᠡ ᠲᠤᠭᠤᠭᠰᠢᠯᠠᠭᠤᠯᠵᠤ (ᠲᠤᠰ ᠪᠦᠷᠢ P<0.01᠂ P<0.05)᠂ ALT᠋ ᠳᠤ ᠬᠢ AST᠋ ᠶᠢᠨ ᠬᠡᠮᠵᠢ᠎ᠡ ᠶᠢ ᠢᠯᠡᠳᠲᠡ ᠵᠦᠷᠢᠶ᠎ᠡ ᠭᠠᠷᠤᠭᠰᠠᠨ ᠦᠭᠡᠢ; ᠪᠠᠭ᠎ᠠ ᠬᠡᠮᠵᠢᠶᠡᠨ ᠦ ᠳᠤᠭᠤᠢ᠌ᠯᠠᠩ ᠨᠢ AST᠂ ALT᠋ ᠳᠤ ᠪᠦᠷ ᠢᠯᠡᠳᠲᠡ ᠵᠦᠷᠢᠶ᠎ᠡ ᠭᠠᠷᠤᠭᠰᠠᠨ ᠦᠭᠡᠢ᠃ ᠡᠯᠢᠭᠡᠨ ᠢᠯᠡᠳᠭᠡᠮᠵᠢ ᠳᠦ ᠦᠵᠡᠭᠦᠯᠬᠦ ᠨᠦᠯᠦᠭᠡ᠄ ᠳᠤᠮᠳᠠ ᠬᠡᠮᠵᠢᠶᠡᠨ ᠦ ᠳᠤᠭᠤᠢ᠌ᠯᠠᠩ ᠪᠤᠯᠤᠨ ᠶᠡᠬᠡ ᠬᠡᠮᠵᠢᠶᠡᠨ ᠦ ᠳᠤᠭᠤᠢ᠌ᠯᠠᠩ ᠨᠢ ᠪᠦᠷ ᠢᠯᠡᠳᠲᠡ ᠳᠤᠭᠤᠭᠰᠢᠯᠠᠭᠤᠯᠵᠤ (ᠪᠦᠷ P<0.05)᠂ ᠪᠠᠭ᠎ᠠ ᠬᠡᠮᠵᠢᠶᠡᠨ ᠦ ᠢᠯᠡᠳᠲᠡ ᠵᠦᠷᠢᠶ᠎ᠡ ᠦᠭᠡᠢ᠃ ᠡᠯᠢᠭᠡᠨ ᠨᠡᠭᠡᠳᠡᠰᠦᠨ ᠳᠦ ᠬᠢ NO᠋ ᠶᠢᠨ ᠠᠭᠤᠯᠤᠭᠳᠠᠴᠠ ᠳᠤ ᠦᠵᠡᠭᠦᠯᠬᠦ ᠨᠦᠯᠦᠭᠡ᠄ ᠡᠯ᠎ᠡ ᠡᠮ ᠦᠭ᠍ᠬᠦ ᠳᠤᠭᠤᠢ᠌ᠯᠠᠩ ᠨᠢ ᠲᠤᠭᠲᠠᠪᠤᠷᠢ ᠦᠭᠡᠢ ᠪᠠᠢ᠌ᠳᠠᠯ ᠭᠠᠷᠤᠭᠰᠠᠨ ᠪᠠᠢ᠌ᠨ᠎ᠠ᠃ ᠳ᠋ᠦᠩᠨᠡᠯᠲᠡ᠄ ᠲᠤᠷᠰᠢᠯᠲᠠ ᠶᠢᠨ ᠲᠤᠭ᠎ᠠ ᠪᠠᠷᠢᠮᠲᠠ ᠠᠴᠠ ᠦᠵᠡᠪᠡᠯ᠂ ᠬᠤᠳᠤᠭᠤᠳᠤᠨ ᠤ ᠳᠤᠤᠷ᠎ᠠ ᠠᠮᠠᠰᠠᠷ ᠢ ᠵᠠᠩᠭᠢᠳᠤᠭᠰᠠᠨ ᠠᠴᠠ ᠪᠤᠯᠬᠤ ᠡᠯᠢᠭᠡᠨ ᠭᠡᠮᠲᠦᠯ ᠡᠭᠦᠰᠭᠡᠬᠦ ᠠᠷᠭ᠎ᠠ ᠪᠤᠯ᠂ ᠨᠢᠭᠡ ᠵᠤᠢ᠌ᠯ ᠤᠨ ᠰᠢᠨ᠎ᠡ ᠬᠡᠯᠪᠡᠷᠢ ᠶᠢᠨ ᠡᠯᠢᠭᠡᠨ ᠭᠡᠮᠲᠦᠯ ᠡᠭᠦᠰᠭᠡᠬᠦ ᠠᠷᠭ᠎ᠠ ᠮᠦᠷᠲᠡᠭᠡᠨ ᠳᠠᠪᠲᠠᠬᠤ ᠴᠢᠨᠠᠷ ᠢᠶᠠᠷ ᠰᠠᠢ᠌ᠨ᠂ ᠭᠡᠮᠲᠦᠯ ᠦᠨ ᠬᠡᠪ ᠦᠯᠢᠭᠡᠷ ᠪᠤᠢ ᠪᠤᠯᠬᠤ ᠨᠢ ᠪᠠᠲᠤᠯᠠᠭ᠎ᠠ ᠲᠠᠢ ᠪᠠᠢ᠌ᠳᠠᠭ᠃ ᠲᠤᠷᠰᠢᠯᠲᠠ ᠶᠢᠨ ᠲᠤᠭ᠎ᠠ ᠪᠠᠷᠢᠮᠲᠠ ᠭᠡᠷᠡᠴᠢᠯᠡᠭᠰᠡᠨ ᠨᠢ᠂ ᠮᠣᠩ᠋ᠭᠤᠯ ᠡᠮ ᠨᠠᠢ᠌ᠷᠠᠯᠭ᠎ᠠ ᠭᠢᠸᠠᠩ -9 ᠨᠢ ᠲᠤᠰ ᠵᠤᠢ᠌ᠯ ᠤᠨ ᠡᠯᠢᠭᠡᠨ ᠭᠡᠮᠲᠦᠯ ᠳᠦ ᠵᠤᠬᠢᠬᠤ ᠬᠡᠮᠵᠢᠶᠡᠨ ᠦ ᠬᠠᠮᠠᠭᠠᠯᠠᠬᠤ ᠦᠢᠯᠡᠳᠦᠯ ᠲᠡᠢ᠃
Original Literature View Original Paper
出自 内蒙古民族大学学报(蒙医药学) 2012年 第2期

联系我们


内蒙古大学图书馆
呼和浩特市大学西路235号
中国·内蒙古
P: (0471) 4992561
E: huangfeilong@imu.edu.cn