Paper Information


Title 21 ᠳ᠋ᠤᠭᠡᠷ ᠵᠠᠭᠤᠨ ᠤ ᠡᠬᠢᠨ ᠤ ᠦᠶ᠎ᠡ ᠶᠢᠨ ᠠᠨᠳᠠᠢ ᠶᠢᠨ ᠰᠤᠳᠤᠯᠤᠯ ᠤᠨ ᠪᠠᠢ᠌ᠳᠠᠯ ᠎᠎—— 2000 - 2012 ᠤᠨ ᠤ ᠬᠤᠭᠤᠷᠤᠨᠳᠤ ᠬᠡᠪᠯᠡᠭᠳᠡᠨ ᠨᠡᠢ᠌ᠳᠡᠯᠡᠭᠳᠡᠭᠰᠡᠨ ᠨᠤᠮ ᠦᠭᠦᠯᠡᠯ ᠤᠨ ᠵᠢᠱᠢᠶᠡᠨ ᠲᠡᠭᠡᠷ᠎ᠡ
Creator ᠰᠠᠷᠠᠭᠤᠯ
Keyword 21 ᠳ᠋ᠤᠭᠡᠷ ᠵᠠᠭᠤᠨ ᠤ ᠡᠬᠢᠨ ᠤ ᠦᠶ᠎ᠡ; ᠠᠨᠳᠠᠢ; ᠰᠤᠳᠤᠯᠤᠯ ᠤᠨ ᠪᠠᠢ᠌ᠳᠠᠯ
Abstract 20 ᠳ᠋ᠤᠭᠡᠷ ᠵᠠᠭᠤᠨ ᠤ ᠡᠬᠢᠨ ᠤ ᠦᠶ᠎ᠡ ᠳᠤ ᠠᠨᠳᠠᠢ ᠪᠦᠵᠢᠭ᠌ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠶᠢᠡᠷ ᠵᠦᠪᠰᠢᠶᠡᠷᠡᠭᠳᠡᠭᠰᠡᠨ ᠤ ᠲᠠᠷᠠᠭ᠎ᠠ ᠠᠨᠳᠠᠢ ᠶᠢᠨ ᠰᠤᠳᠤᠯᠤᠯ ᠰᠢᠨ᠎ᠡ ᠦᠷᠨᠢᠯ ᠲᠠᠢ ᠪᠤᠯᠪᠠ᠃ ᠲᠤᠰ ᠦᠶ᠎ᠡ ᠳᠤ ᠬᠢ ᠠᠨᠳᠠᠢ ᠶᠢᠨ ᠲᠤᠰᠬᠠᠢ ᠨᠤᠮ 10 ᠭᠠᠷᠤᠢ᠂ ᠡᠷᠳᠡᠮ ᠰᠢᠨᠵᠢᠯᠡᠭᠡᠨ ᠤ ᠦᠭᠦᠯᠡᠯ 30 ᠭᠠᠷᠤᠢ ᠶᠢ ᠰᠢᠭᠦᠨ ᠠᠵᠢᠭᠯᠠᠪᠠᠯ ᠲᠡᠭᠦᠨ ᠢ ᠰᠤᠶᠤᠯ᠂ ᠱᠠᠰᠢᠨ᠂ ᠲᠡᠦᠬᠡ᠂ ᠤᠳᠬ᠎ᠠ ᠤᠷᠠᠯᠢᠭ᠂ ᠠᠨᠠᠭᠠᠬᠤ ᠤᠬᠠᠭᠠᠨ᠂ ᠪᠡᠶ᠎ᠡ ᠲᠠᠮᠢᠷ ᠵᠡᠷᠭᠡ ᠤᠯᠠᠨ ᠰᠤᠳᠤᠯᠭᠠᠨ ᠤ ᠬᠠᠷᠠᠭ᠎ᠠ ᠡᠴᠡ ᠰᠤᠳᠤᠯᠤᠭᠰᠠᠨ ᠭᠡᠵᠦ ᠲᠦᠷᠦᠯᠵᠢᠭᠦᠯᠵᠦ ᠪᠤᠯᠤᠨ᠎ᠠ᠃ ᠡᠨᠡ ᠦᠶ᠎ᠡ ᠶᠢᠨ ᠠᠨᠳᠠᠢ ᠰᠤᠳᠤᠯᠤᠯ ᠢ ᠰᠢᠨᠵᠢᠯᠡᠭᠡᠨ ᠤ ᠤᠯᠠᠨ ᠬᠠᠷᠠᠭ᠎ᠠ᠂ ᠤᠨᠤᠯ ᠠᠷᠭ᠎ᠠ ᠪᠡᠷ ᠰᠤᠳᠤᠯᠤᠭᠰᠠᠨ ᠰᠢᠨ᠎ᠡ ᠨᠢᠭᠡᠨ ᠱᠠᠳᠤ ᠭᠡᠵᠦ ᠪᠤᠯᠤᠨ᠎ᠠ᠃ ᠲᠤᠰ ᠦᠶ᠎᠎ᠡ ᠶᠢᠨ ᠠᠨᠳᠠᠢ ᠶᠢᠨ ᠲᠤᠬᠠᠢ ᠰᠤᠳᠤᠯᠭᠠᠨ ᠢ ᠮᠠᠲ᠋ᠷᠢᠶᠠᠯ ᠤᠨ ᠬᠦᠮᠦᠷᠭᠡ ᠶᠢᠨ ᠴᠤᠭᠴᠠᠯᠠᠯᠳᠠ ᠶᠢᠨ ᠡᠬᠢᠯᠡᠯ᠂ ᠠᠨᠳᠠᠢ ᠶᠢᠨ ᠪᠦᠬᠦ ᠲᠠᠯ᠎ᠠ ᠶᠢᠨ ᠰᠢᠰᠲ᠋ᠸᠮ ᠲᠠᠢ ᠰᠤᠳᠤᠯᠭᠠᠨ ᠤ ᠭᠦᠨᠵᠡᠭᠡᠢ᠌ᠷᠡᠯ ᠭᠡᠵᠦ ᠬᠤᠷᠢᠶᠠᠩᠭ᠋ᠤᠢ᠌ᠯᠠᠪᠠᠯ ᠵᠦᠢᠳᠡᠢ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn