Paper Information


Title ᠮᠤᠩᠭ᠋ᠤᠯ 《ᠭᠡᠰᠡᠷ》  ᠤᠨ ᠭᠤᠷᠪᠠᠳᠤᠭᠠᠷ ᠪᠦᠯᠦᠭ ᠲᠤ ᠬᠢ 《ᠬᠦᠮ᠎ᠡ ᠬᠠᠭᠠᠨ》 ᠤ ᠨᠡᠷ᠎ᠡ ᠶᠢᠨ ᠲᠤᠬᠠᠢ - ᠲᠦᠪᠡᠳ 《ᠭᠤᠩᠮᠠ》 ᠡᠴᠡ ᠮᠤᠩᠭ᠋ᠤᠯ 《ᠬᠦᠮ᠎ᠡ》 ᠬᠦᠷᠳᠡᠯ᠎ᠡ
Creator ᠲᠡᠭᠦᠰᠪᠡᠶᠡᠷ
Keyword ᠭᠡᠰᠡᠷ; ᠭᠤᠩᠮᠠ; ᠬᠦᠮ᠎ᠡ
Abstract ᠲᠤᠰ ᠦᠭᠦᠯᠡᠯ ᠳᠤ ᠮᠤᠩᠭ᠋ᠤᠯ 《ᠭᠡᠰᠷ》 ᠤᠨ 3 ᠳ᠋ᠤᠭᠠᠷ ᠪᠦᠯᠦᠭ ᠤᠨ 《ᠭᠦᠮ᠎ᠡ》 (güm-е [gumə:])ᠬᠠᠭᠠᠨ ᠤ ᠨᠡᠷ᠎ᠡ ᠶᠢ 《ᠲᠡᠭᠡᠳᠦ 》 ᠬᠡᠮᠡᠬᠦ ᠤᠳᠬ᠎ᠠ ᠲᠠᠢ ᠲᠦᠪᠡᠳ ᠦᠭᠡ 《ᠭᠤᠩᠮᠠ》 (Gong ma)ᠬᠤᠪᠢᠷᠠᠵᠤ ᠢᠷᠡᠭᠰᠡᠨ ᠭᠡᠳᠡᠭ ᠤᠷᠢᠳᠡᠬᠢ ᠡᠷᠳᠡᠮᠳᠡᠳ ᠤᠨ ᠲᠦᠰᠦᠭᠡᠯᠡᠯ ᠢ ᠯᠠᠪᠰᠢᠷᠠᠭᠤᠯᠤᠨ ᠭᠦᠨᠵᠡᠭᠡᠢ᠌ᠷᠡᠭᠦᠯᠵᠦ ᠪᠠᠳᠤᠯᠠᠪᠠ᠃ ᠲᠦᠪᠡᠳ ᠤᠨ 《ᠭᠤᠩᠮᠠ》 ᠭᠡᠳᠡᠭ ᠦᠭᠡ ᠨᠢ ᠲᠠᠶᠤᠨ ᠮᠤᠩᠭ᠋ᠤᠯ (ᠶᠡᠬᠡ ᠶᠤᠸᠠᠨ)ᠤᠯᠤᠰ ᠤᠨ ᠪᠢᠴᠢᠭ᠌ ᠪᠠᠷᠢᠮᠳᠠ ᠳᠤ ᠴᠤ ᠬᠠᠷᠠᠭᠳᠠᠳᠠᠭ ᠤᠴᠢᠷ ᠡᠴᠡ ᠮᠤᠩᠭ᠋ᠤᠯ ᠤᠨ ᠡᠷᠳᠡᠨ ᠤ ᠱᠠᠰᠢᠨ ᠤ ᠰᠤᠶᠤᠯ ᠤᠨ 《ᠲᠠᠨᠢᠯ》 ᠦᠭᠡ ᠪᠤᠯᠬᠤ ᠶᠤᠮ᠃ ᠡᠢ᠌ᠮᠦ ᠦᠭᠡ ᠮᠤᠩᠭ᠋ᠤᠯ 《ᠭᠡᠰᠡᠷ》 ᠲᠤ ᠨᠡᠪᠴᠢᠷᠡᠨ ᠤᠷᠤᠬᠤ ᠨᠢ ᠭᠡᠨᠡᠨ ᠤᠴᠢᠷ ᠪᠤᠰᠤ᠃ 《ᠭᠦᠮ᠎ᠡ》 ᠨᠢ ᠬᠠᠷᠢᠨ ᠮᠤᠩᠭ᠋ᠤᠯ 《ᠭᠡᠰᠡᠷ》 ᠤᠨ 3 ᠳ᠋ᠤᠭᠠᠷ ᠪᠦᠯᠦᠭ ᠯᠤᠭᠡ ᠦᠢᠯᠡ ᠦᠯᠢᠭᠡᠷ ᠶᠢᠡᠷ ᠶᠢᠡᠨ ᠰᠢᠭᠤᠳ ᠬᠤᠯᠪᠤᠭᠳᠠᠬᠤ ᠲᠦᠪᠡᠳ 《ᠭᠡᠰᠡᠷ》(《ᠬᠢᠳᠠᠳ ᠯᠢᠩ ᠬᠤᠶᠠᠷ》 ᠤᠨ ᠪᠦᠯᠦᠭ)ᠲᠤ ᠭᠠᠷᠬᠤ 《ᠭᠠᠷᠠ ᠭᠦᠭᠠᠳ》 (ga ra gun gon)ᠭᠡᠳᠡᠭ ᠬᠠᠭᠠᠨ ᠤ ᠨᠡᠷ᠎ᠡ ᠡᠴᠡ ᠰᠢᠭᠤᠳ ᠢᠷᠡᠭᠰᠡᠨ ᠪᠢᠰᠢ ᠪᠠᠢ᠌ᠨ᠎ᠠ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn