Abstract |
ᠲᠤᠰ ᠦᠭᠦᠯᠡᠯ ᠳᠤ ᠮᠤᠩᠭ᠋ᠤᠯ 《ᠭᠡᠰᠷ》 ᠤᠨ 3 ᠳ᠋ᠤᠭᠠᠷ ᠪᠦᠯᠦᠭ ᠤᠨ 《ᠭᠦᠮ᠎ᠡ》 (güm-е [gumə:])ᠬᠠᠭᠠᠨ ᠤ ᠨᠡᠷ᠎ᠡ ᠶᠢ 《ᠲᠡᠭᠡᠳᠦ 》 ᠬᠡᠮᠡᠬᠦ ᠤᠳᠬ᠎ᠠ ᠲᠠᠢ ᠲᠦᠪᠡᠳ ᠦᠭᠡ 《ᠭᠤᠩᠮᠠ》 (Gong ma)ᠬᠤᠪᠢᠷᠠᠵᠤ ᠢᠷᠡᠭᠰᠡᠨ ᠭᠡᠳᠡᠭ ᠤᠷᠢᠳᠡᠬᠢ ᠡᠷᠳᠡᠮᠳᠡᠳ ᠤᠨ ᠲᠦᠰᠦᠭᠡᠯᠡᠯ ᠢ ᠯᠠᠪᠰᠢᠷᠠᠭᠤᠯᠤᠨ ᠭᠦᠨᠵᠡᠭᠡᠢ᠌ᠷᠡᠭᠦᠯᠵᠦ ᠪᠠᠳᠤᠯᠠᠪᠠ᠃
ᠲᠦᠪᠡᠳ ᠤᠨ 《ᠭᠤᠩᠮᠠ》 ᠭᠡᠳᠡᠭ ᠦᠭᠡ ᠨᠢ ᠲᠠᠶᠤᠨ ᠮᠤᠩᠭ᠋ᠤᠯ (ᠶᠡᠬᠡ ᠶᠤᠸᠠᠨ)ᠤᠯᠤᠰ ᠤᠨ ᠪᠢᠴᠢᠭ᠌ ᠪᠠᠷᠢᠮᠳᠠ ᠳᠤ ᠴᠤ ᠬᠠᠷᠠᠭᠳᠠᠳᠠᠭ ᠤᠴᠢᠷ ᠡᠴᠡ ᠮᠤᠩᠭ᠋ᠤᠯ ᠤᠨ ᠡᠷᠳᠡᠨ ᠤ ᠱᠠᠰᠢᠨ ᠤ ᠰᠤᠶᠤᠯ ᠤᠨ 《ᠲᠠᠨᠢᠯ》 ᠦᠭᠡ ᠪᠤᠯᠬᠤ ᠶᠤᠮ᠃ ᠡᠢ᠌ᠮᠦ ᠦᠭᠡ ᠮᠤᠩᠭ᠋ᠤᠯ 《ᠭᠡᠰᠡᠷ》 ᠲᠤ ᠨᠡᠪᠴᠢᠷᠡᠨ ᠤᠷᠤᠬᠤ ᠨᠢ ᠭᠡᠨᠡᠨ ᠤᠴᠢᠷ ᠪᠤᠰᠤ᠃
《ᠭᠦᠮ᠎ᠡ》 ᠨᠢ ᠬᠠᠷᠢᠨ ᠮᠤᠩᠭ᠋ᠤᠯ 《ᠭᠡᠰᠡᠷ》 ᠤᠨ 3 ᠳ᠋ᠤᠭᠠᠷ ᠪᠦᠯᠦᠭ ᠯᠤᠭᠡ ᠦᠢᠯᠡ ᠦᠯᠢᠭᠡᠷ ᠶᠢᠡᠷ ᠶᠢᠡᠨ ᠰᠢᠭᠤᠳ ᠬᠤᠯᠪᠤᠭᠳᠠᠬᠤ ᠲᠦᠪᠡᠳ 《ᠭᠡᠰᠡᠷ》(《ᠬᠢᠳᠠᠳ ᠯᠢᠩ ᠬᠤᠶᠠᠷ》 ᠤᠨ ᠪᠦᠯᠦᠭ)ᠲᠤ ᠭᠠᠷᠬᠤ 《ᠭᠠᠷᠠ ᠭᠦᠭᠠᠳ》 (ga ra gun gon)ᠭᠡᠳᠡᠭ ᠬᠠᠭᠠᠨ ᠤ ᠨᠡᠷ᠎ᠡ ᠡᠴᠡ ᠰᠢᠭᠤᠳ ᠢᠷᠡᠭᠰᠡᠨ ᠪᠢᠰᠢ ᠪᠠᠢ᠌ᠨ᠎ᠠ᠃ |